ᠥᠷᠯᠥᠭᠡ ᠶᠢᠨ ᠰᠠᠶᠢᠬᠠᠨ
ᠨᠡᠶᠢᠲᠡᠯᠡᠭᠰᠡᠨ ᠴᠠᠭ᠄
2025/6/23
    ᠦᠷ ᠤᠨ ᠭᠡᠭᠡ ᠬᠠᠶᠠᠭᠠᠷᠠᠵᠤ᠂ ᠵᠥᠭᠡᠯᠡᠨ ᠰᠢᠷᠭᠠᠯ ᠲᠤᠶᠠᠭ᠎ᠠ ᠲᠠᠯ᠎ᠠ ᠶᠢ ᠥᠩᠭᠡᠯᠡᠨ᠂ ᠮᠦᠰᠢᠶᠡᠳᠦ ᠪᠢᠯᠬᠠᠭᠰᠠᠨ ᠨᠠᠷᠠᠨ ᠠᠯᠭᠤᠷᠬᠠᠨ ᠮᠠᠨᠳᠤᠵᠤ ᠰᠢᠨ᠎ᠡ ᠨᠢᠭᠡᠨ ᠡᠳᠦᠷ ᠡᠬᠢᠯᠡᠭᠰᠡᠨ ᠢ ᠲᠤᠩᠬᠠᠭᠯᠠᠨ᠎ᠠ᠃ ᠪᠠᠯ ᠪᠡᠯ ᠢᠶᠠᠨ ᠲᠦᠰᠢᠵᠦ ᠵᠠᠶᠢᠮᠣᠩᠬᠠᠨ ᠴᠡᠩᠬᠡᠷᠲᠦᠬᠦ ᠠᠭᠤᠯᠠᠰ ᠵᠡᠷᠭᠡᠯᠭᠡᠨ ᠳᠤ ᠰᠦᠮᠡᠯᠵᠡᠵᠦ ᠵᠡᠭᠦᠷᠮᠡᠭᠯᠡᠬᠦ ᠮᠡᠲᠦ᠃ ᠬᠡᠶᠢᠮᠣᠷᠢ ᠰᠦᠯᠳᠡ ᠲᠠᠢ᠂ ᠬᠤᠪᠢ ᠵᠠᠶᠠᠭ᠎ᠠ ᠰᠠᠶᠢᠨ ᠲᠠᠢ ᠨᠤᠲᠤᠭ ᠤᠨ ᠬᠥᠮᠥᠰ ᠮᠠᠨᠢ᠂ ᠦᠨᠢᠶ᠎ᠡ ᠲᠤᠭᠤᠯ ᠤᠨ ᠮᠦᠭᠡᠷᠡᠭᠡᠨ ᠲᠠᠢ ᠴᠤᠭ ᠤᠨᠲᠠᠬᠤ ᠨᠦᠢᠷ ᠠᠴᠠ ᠪᠠᠨ ᠰᠡᠷᠡᠵᠦ ᠴᠡᠯᠮᠡᠭ ᠥᠷᠯᠥᠭᠡ ᠶᠢᠨ ᠴᠡᠪᠡᠷ ᠠᠭᠠᠷ ᠢ ᠴᠡᠭᠡᠵᠢ ᠪᠠᠨ ᠠᠭᠤᠵᠢᠷᠠᠲᠠᠯ᠎ᠠ ᠠᠮᠢᠰᠬᠤᠯᠯᠠᠵᠤ᠂ ᠤᠷᠭᠤᠬᠤ ᠨᠠᠷᠠ ᠲᠠᠢ ᠤᠷᠤᠯᠳᠤᠨ ᠮᠠᠯ ᠤᠨᠤᠭ᠎ᠠ ᠪᠠᠨ ᠨᠠᠷᠢᠨ ᠡᠪᠡᠰᠦ ᠨᠠᠶᠢᠭᠤᠭᠰᠠᠨ ᠵᠦᠯᠭᠡᠯᠢᠭ ᠨᠣᠭᠤᠭᠠᠨ ᠪᠡᠯᠴᠢᠭᠡᠷ ᠵᠦᠭ ᠵᠠᠯᠠᠨ᠎ᠠ᠃     ᠣᠷᠴᠢᠯᠠᠩ ᠤᠨ ᠬᠠᠮᠤᠭ ᠤᠨ ᠰᠠᠶᠢᠬᠠᠨ ᠴᠠᠭ ᠪᠣᠯ ᠥᠷᠯᠥᠭᠡ ᠭᠡᠲᠡᠭ᠃ ᠲᠡᠶᠢᠮᠦ ᠠ᠋᠂ ᠥᠷᠯᠥᠭᠡ ᠬᠤᠯᠠ ᠶᠢᠨ ᠪᠠᠷ᠎ᠠ ᠲᠣᠳᠣ ᠬᠠᠷᠠᠭᠳᠠᠵᠤ᠂ ᠮᠠᠯ ᠤᠨ ᠵᠢᠰᠦ ᠥᠩᠭᠡᠯᠢᠭ᠂ ᠨᠣᠭᠤᠭᠠᠨ ᠤ ᠥᠩᠭᠡ ᠨᠢᠯᠬ᠎ᠠ ᠪᠤᠯᠲᠠᠬ᠃ ᠦᠷ ᠢᠶᠠᠷ ᠵᠢᠷᠭᠢᠳᠡᠭ ᠰᠢᠪᠠᠭᠤᠳ ᠤᠨ ᠵᠢᠭᠦᠷ ᠠᠭᠠᠷ ᠲᠠᠭᠠᠨ ᠳᠡᠪᠲᠦᠵᠦ᠂ ᠰᠥᠨᠢᠵᠢᠨ ᠳᠠᠭᠤᠯᠠᠭᠰᠠᠨ ᠭᠤᠣᠯ ᠤᠨ ᠬᠢᠨᠢ ᠤᠷᠤᠰᠬᠠᠯ ᠣᠷᠲᠣ ᠶᠢᠨ ᠳᠠᠭᠤᠤ ᠶᠢᠨ ᠤᠶᠠᠩᠭ᠎ᠠ ᠰᠢᠭ᠋ ᠬᠤᠯᠠ ᠳᠤ ᠲᠤᠨᠤᠯᠵᠠᠵᠤ᠂ ᠠᠭᠠᠷ ᠰᠠᠯᠬᠢ ᠨᠢ ᠭᠦᠷᠲᠡᠯ᠎ᠡ ᠡᠵᠢ ᠶᠢᠨ ᠮᠢᠨᠢ ᠴᠢᠨᠠᠳᠠᠭ ᠰᠦ ᠲᠠᠢ ᠴᠠᠢ ᠶᠢᠨ ᠠᠭᠠᠭ ᠠᠮᠲᠠ ᠲᠠᠮᠰᠢᠶᠠᠯᠠᠭᠳᠠᠨ᠂ ᠭᠠᠵᠠᠷ ᠡᠬᠡ ᠶᠢᠨ ᠰᠦᠨ ᠴᠠᠭᠠᠨ ᠠᠮᠢᠰᠬᠤᠯ ᠲᠠᠢ ᠱᠤᠤᠭᠢᠨ᠎ᠠ᠃ ᠥᠴᠥᠭᠡᠳᠦᠷ ᠣᠷᠦ᠋ᠢᠬᠠᠨ ᠳᠠᠪᠬᠢᠵᠤ ᠥᠩᠭᠡᠷᠡᠭᠰᠡᠨ ᠬᠤᠸᠠ ᠲᠣᠯᠣᠭᠠᠳ᠂ ᠤᠰᠤᠯᠠᠵᠤ ᠭᠠᠷᠭᠠᠭᠰᠠᠨ ᠠᠳᠤᠭᠤ ᠮᠠᠯ ᠢᠶᠠᠨ ᠥᠷᠯᠥᠭᠡ ᠲᠠᠭᠢᠨ ᠭᠠᠷᠭᠠᠬᠤ ᠳᠤ ᠤᠷᠢᠳ ᠡᠮᠦᠨ᠎ᠡ ᠨᠢ ᠣᠯᠵᠤ ᠬᠠᠷᠠᠭ᠎ᠠ ᠦᠭᠡᠢ ᠥᠩᠭᠡ ᠵᠢᠰᠦ ᠶᠢᠨ ᠬᠢᠨᠢ ᠰᠠᠶᠢᠬᠠᠨ ᠢ ᠣᠯᠵᠤ ᠬᠠᠷᠠᠳᠠᠭ ᠰᠠᠨ᠃     ᠲᠡᠭᠷᠢ ᠳᠤ ᠲᠣᠬᠤᠮ ᠤᠨ ᠴᠢᠨᠡᠭᠡ ᠡᠭᠦᠯᠡ ᠦᠭᠡᠢ ᠴᠠᠪ ᠴᠡᠯᠡᠶᠢᠭᠡᠳ ᠲᠣᠳᠣ ᠲᠤᠩᠭᠠᠯᠠᠭ᠃ ᠰᠢᠮᠡᠲᠦ ᠤᠷᠭᠤᠮᠠᠯ ᠴᠡᠯᠭᠡᠷᠡᠨ ᠨᠣᠭᠤᠭᠠᠷᠠᠭᠰᠠᠨ ᠰᠢᠯᠢ ᠭᠤᠪᠢ ᠶᠢᠨ ᠥᠷᠥᠴᠡᠨ ᠳᠤ ᠡᠪᠡᠰᠦ ᠴᠡᠴᠡᠭ ᠨᠠᠶᠢᠭᠤᠨ ᠭᠠᠩᠬᠤᠵᠤ ᠦᠨᠦᠷ ᠤᠨ ᠳᠡᠭᠡᠵᠢ ᠪᠠᠨ ᠰᠦᠷᠴᠢᠨ᠎ᠡ᠃ ᠲᠠᠯ᠎ᠠ ᠶᠢᠨ ᠭᠦᠨ ᠳᠤ ᠦᠷᠡᠵᠢᠯᠲᠦ ᠰᠦᠷᠦᠭ ᠲᠠᠷᠬᠠᠨ ᠪᠡᠯᠴᠢᠵᠦ ᠥᠭᠡᠳᠡᠯᠡᠯ ᠤᠨ ᠵᠦᠩ ᠪᠡᠯᠭᠡᠳᠡᠨ᠎ᠡ᠃ ᠥᠷᠯᠥᠭᠡ ᠶᠢᠨ ᠦᠵᠡᠮᠵᠢ ᠵᠢᠷᠤᠭ ᠶᠠᠭ ᠯᠠ ᠥᠭᠡᠳᠡᠩ ᠨᠣᠭᠤᠭᠠᠨ ᠬᠡᠮᠡᠷᠯᠢᠭ ᠳᠡᠭᠡᠷ᠎ᠡ ᠤᠷᠠᠨ ᠬᠠᠳᠬᠤᠮᠠᠯ ᠬᠠᠳᠬᠤᠮᠠᠯᠯᠠᠭᠰᠠᠨ ᠰᠢᠭ᠋ ᠬᠥᠳᠡᠭᠡ ᠶᠢᠨ ᠦᠵᠡᠰᠭᠦᠯᠡᠩ ᠢ ᠭᠠᠶᠢᠬᠠᠭᠤᠯᠤᠨ᠎ᠠ᠃     ᠥᠷᠯᠥᠭᠡ ᠭᠡᠵᠦ ᠭᠠᠵᠠᠷ ᠳᠡᠭᠡᠷ᠎ᠡ ᠣᠷᠭᠤᠨ ᠮᠠᠨᠳᠤᠭ᠎ᠠ ᠢᠷᠠᠭᠤ ᠡᠭᠡᠰᠢᠭ ᠶᠤᠮ᠃ ᠲᠡᠷᠲᠡᠭᠡ ᠠᠭᠤᠯᠠᠰ ᠤᠢ ᠮᠣᠳᠣᠨ ᠳᠤ ᠪᠦᠷᠬᠦᠭᠳᠡᠵᠦ᠂ ᠲᠠᠯ᠎ᠠ ᠬᠠᠩᠭᠠᠢ ᠳᠤ ᠡᠪᠡᠰᠦ ᠨᠣᠭᠤᠭ᠎ᠠ ᠬᠥᠬᠡᠷᠡᠵᠦ᠂ ᠲᠤᠩᠭᠠᠯᠠᠭ ᠤᠷᠤᠰᠬᠠᠯᠲᠤ ᠭᠤᠣᠯ ᠮᠥᠷᠡᠨ ᠳᠤ ᠵᠢᠭᠠᠰᠤ ᠵᠢᠷᠠᠭᠠᠬᠠᠢ ᠢᠷᠠᠭᠠᠯᠠᠨ᠂ ᠨᠠᠭᠤᠷ ᠤᠨ ᠭᠦᠪᠡᠭᠡ ᠪᠠᠷ ᠬᠤᠯᠤᠰᠤ ᠪᠤᠷᠭᠠᠰᠤ ᠢᠭᠴᠤᠷᠠᠨ ᠤᠷᠭᠤᠵᠤ᠂ ᠦᠷᠭᠦᠨ ᠨᠢᠰᠦᠭᠰᠡᠨ ᠵᠢᠭᠦᠷᠲᠡᠨ ᠰᠢᠪᠠᠭᠤᠳ ᠭᠠᠩᠭᠠᠨᠠᠯᠳᠤᠨ ᠳᠡᠪᠳᠡᠷᠢᠭᠡᠳ᠂ ᠨᠠᠮᠤᠭ ᠵᠦᠯᠭᠡᠨ ᠳᠤ ᠮᠡᠯᠡᠬᠡᠢ ᠭᠤᠸᠠᠭᠯᠠᠨ ᠭᠤᠯᠢᠶ᠎ᠠ ᠵᠢᠷᠵᠢᠭᠢᠨᠡᠵᠦ᠂ ᠰᠢᠨ᠎ᠡ ᠡᠳᠦᠷ ᠤᠨ ᠨᠠᠶᠢᠷᠠᠯ ᠬᠥᠭᠵᠢᠮ ᠢ ᠴᠢᠪᠬᠠᠳᠠᠨ᠎ᠠ᠃     ᠬᠠᠶᠢᠷ᠎ᠠ ᠶᠢ ᠲᠠᠲᠠᠭᠰᠠᠨ ᠬᠠᠯᠠᠭᠤᠨ ᠵᠤᠨ ᠤ ᠥᠷᠯᠥᠭᠡ ᠪᠢ᠂ ᠦᠶ᠎ᠡ ᠦᠶ᠎ᠡ ᠰᠡᠪᠢᠯᠵᠡᠬᠦ ᠵᠥᠭᠡᠯᠡᠨ ᠰᠠᠯᠬᠢᠨ ᠢᠶᠠᠷ ᠢᠯᠪᠢᠭᠦᠯᠵᠦ᠂ ᠰᠢᠭᠦᠳᠡᠷᠢ ᠶᠢᠨ ᠮᠥᠬᠦᠯᠢᠭ ᠪᠥᠮᠪᠥᠭᠡᠨᠡᠭᠰᠡᠨ ᠴᠠᠯ ᠨᠣᠭᠤᠭᠠᠨ ᠡᠪᠡᠰᠦᠨ ᠳᠣᠯᠭᠢᠶ᠎ᠠ ᠶᠢ ᠪᠠᠭ᠋ᠠᠷᠬᠠᠨ ᠠᠯᠭᠤᠷ ᠠᠯᠬᠤᠯᠠᠨ ᠠᠯᠤᠰ ᠢ ᠪᠠᠷᠠᠯᠠᠬᠤᠶ᠎ᠠ᠂ ᠭᠦᠨ ᠴᠡᠩᠬᠡᠷ ᠣᠭᠲᠠᠷᠭᠤᠢ ᠬᠠᠷᠠᠭ᠎ᠠ ᠠᠯᠳᠠᠮ᠎ᠠ ᠴᠡᠯᠡᠶᠢᠵᠦ᠂ ᠬᠥᠳᠡᠭᠡ ᠲᠠᠯ᠎ᠠ ᠨᠣᠮᠢᠨ ᠨᠣᠭᠤᠭᠠᠨ ᠢᠶᠠᠷ ᠳᠣᠯᠭᠢᠶᠠᠯᠠᠨ᠎ᠠ ᠁     ᠡᠬᠡ ᠪᠠᠶᠢᠭᠠᠯᠢ᠂ ᠬᠥᠮᠥᠨ ᠠᠷᠠᠳ ᠤᠨ ᠢᠶᠠᠨ ᠠᠯᠠᠭᠠᠨ ᠳᠡᠭᠡᠷ᠎ᠡ ᠰᠤᠪᠤᠳ ᠤᠨ ᠮᠥᠬᠦᠯᠢᠭ ᠰᠢᠭ ᠭᠡᠷᠡᠯᠲᠦᠨ ᠪᠣᠰᠳᠠᠭ ᠮᠢᠨᠤ ᠨᠤᠲᠤᠭ ᠤᠨ ᠥᠷᠯᠥᠭᠡ ᠡᠶᠢᠮᠦ ᠯᠡ ᠰᠠᠶᠢᠬᠠᠨ᠃     ᠳᠠᠭᠤᠤ ᠰᠢᠭ᠋ ᠲᠤᠩᠭᠠᠯᠠᠭ ᠥᠷᠯᠥᠭᠡ᠂ ᠥᠷᠯᠥᠭᠡ ᠰᠢᠭ ᠴᠡᠭᠡᠯᠬᠡᠨ ᠳᠠᠭᠤᠤ ᠬᠠᠩᠭᠢᠨᠠᠨ᠎ᠠ᠃ ᠥᠷᠯᠥᠭᠡ ᠡᠷᠲᠡ ᠶᠢᠨ ᠣᠷᠭᠤᠬᠤ ᠨᠠᠷᠠᠠ ᠪᠣᠯᠣᠨ ᠣᠷᠣᠢ ᠦᠳᠡᠰᠢ ᠶᠢᠨ ᠰᠢᠩᠭᠡᠬᠦ ᠨᠠᠷᠠ ᠠᠭᠤᠯᠠ ᠶᠢᠨ ᠲᠣᠯᠣᠭᠠᠢ ᠳᠡᠭᠡᠷ᠎ᠡ ᠢᠯᠴᠢ ᠭᠡᠷᠡᠯ᠂ ᠥᠩᠭᠡ ᠵᠢᠰᠦ ᠪᠠᠷ ᠢᠶᠠᠨ ᠣᠬᠲᠣ ᠵᠥᠷᠢᠬᠦ ᠦᠭᠡᠢ ᠠᠳᠠᠯᠢᠬᠠᠨ ᠲᠥᠷᠬᠦ ᠲᠠᠢ ᠠᠲᠠᠯ᠎ᠠ ᠬᠥᠮᠥᠰ ᠣᠷᠭᠤᠵᠦ ᠪᠠᠶᠢᠭ᠎ᠠ ᠨᠠᠷᠠ ᠶᠢ ᠰᠠᠶᠢᠬᠠᠨ ᠬᠡᠮᠡᠨ ᠵᠦᠢᠷᠯᠡᠵᠦ ᠮᠠᠭᠲᠠᠬᠤ ᠳᠤᠷ᠎ᠠ ᠲᠠᠢ᠃ ᠰᠢᠨ᠎ᠡ ᠡᠳᠦᠷ᠂ ᠰᠢᠨ᠎ᠡ ᠡᠭᠢᠯᠡᠯᠲᠡ ᠶᠢ ᠲᠤᠩᠬᠠᠭᠯᠠᠭᠰᠠᠨ ᠳᠠᠭᠠᠨ ᠲᠡᠷᠡ ᠪᠣᠯᠪᠠᠤ ᠳ᠋ᠠ᠃ ᠶᠡᠷᠦ ᠨᠢ ᠥᠷᠯᠥᠭᠡ ᠡᠷᠲᠡ ᠠᠳᠤᠭᠤ ᠢᠨᠴᠠᠭᠠᠬᠤ ᠨᠢ ᠭᠦᠷᠲᠡᠯ᠎ᠡ ᠦᠳᠡᠰᠢ ᠶᠢᠨ ᠬᠢ ᠠᠴᠠ ᠥᠭᠡᠷ᠎ᠡ᠂ ᠴᠠᠭᠠᠨ᠎ᠠ ᠪᠠᠨ ᠯᠡ ᠨᠢᠭᠡ ᠴᠣᠪᠣᠭᠤ ᠪᠠᠶᠢᠵᠤ᠂ ᠭᠤᠨᠢᠭ ᠤᠨ ᠰᠡᠭᠦᠳᠡᠷ ᠠᠯᠠᠭ᠎ᠠ᠃ ᠥᠷᠯᠥᠭᠡᠨ ᠤ ᠠᠭᠠᠷ ᠰᠢᠭ᠋ ᠲᠡᠶᠢᠮᠦ ᠰᠡᠷᠢᠭᠦᠨ ᠲᠤᠩᠭᠠᠯᠠᠭ ᠠᠭᠠᠷ ᠭᠡᠵᠦ ᠬᠠᠮᠢᠭ᠎ᠠ ᠴᠦ ᠦᠭᠡᠢ᠃ ᠨᠡᠷᠡ ᠳᠡᠭᠡᠭᠰᠢᠯᠡᠨ ᠬᠥᠭᠡᠷᠴᠦ᠂ ᠬᠠᠨ᠎ᠠ ᠶᠢᠨ ᠡᠯᠢᠭᠡᠨ ᠠᠴᠠ ᠪᠠᠭᠤᠮᠠᠭᠴᠠ ᠠᠭᠠᠷ ᠥᠳᠬᠡᠷᠡᠵᠦ᠂ ᠴᠠᠭᠠᠰᠢᠯᠠᠬᠤ ᠲᠤᠰᠤᠮ ᠢᠶᠠᠨ ᠲᠠᠭᠠᠨ᠎ᠠ ᠬᠦᠮᠡᠯᠢ᠂ ᠠᠭᠢ ᠭᠠᠩᠭ᠎ᠠ ᠭᠠᠵᠠᠷ ᠤᠨ ᠦᠨᠦᠷ᠂ ᠨᠠᠷᠠᠨ ᠤ ᠠᠭᠠᠭ ᠲᠠᠢ ᠬᠤᠯᠢᠯᠳᠤᠨ ᠵᠡᠷᠭᠡᠯᠭᠡ ᠪᠤᠯᠲᠠᠬ᠃ ᠥᠷᠯᠥᠭᠡ ᠰᠢᠭ ᠠᠵᠠ ᠬᠡᠶᠢᠮᠣᠷᠢ ᠲᠠᠢ ᠴᠠᠭ ᠬᠥᠮᠥᠨ ᠳᠤ ᠬᠤᠪᠣᠷ᠃     ᠥᠷᠯᠥᠭᠡ ᠰᠠᠶᠢᠬᠠᠨ᠂ ᠤᠶᠠᠩᠭ᠎ᠠ ᠰᠢᠯᠦᠭ ᠰᠢᠭ ᠰᠠᠶᠢᠬᠠᠨ᠃ ᠢᠷᠠᠭᠤ ᠰᠠᠶᠢᠬᠠᠨ ᠤᠶᠠᠩᠭᠠᠲᠤ ᠳᠠᠭᠤᠤ ᠬᠠᠩᠭᠢᠨᠠᠨ᠂ ᠣᠢ ᠶᠢᠨ ᠭᠦᠨ ᠠᠴᠠ ᠣᠯᠠᠨ ᠰᠢᠪᠠᠭᠤᠳ ᠤᠨ ᠵᠢᠷᠭᠢᠬᠦ ᠳᠠᠭᠤᠨ ᠰᠣᠨᠣᠷ ᠢ ᠪᠠᠶᠠᠰᠬᠠᠵᠤ᠂ ᠴᠡᠴᠡᠭ ᠬᠤᠸᠠᠷ ᠤᠨ ᠦᠨᠦᠷ ᠠᠩᠬᠢᠯᠤᠭᠠᠳ᠂ ᠨᠠᠶᠢᠷᠠᠭ ᠰᠢᠯᠦᠭ ᠤᠨ ᠣᠩᠭᠤᠳ ᠬᠤᠷᠦ᠋ᠢᠯᠠᠬᠤ ᠵᠤᠨ ᠤ ᠥᠷᠯᠥᠭᠡ ᠨᠡᠩ ᠴᠦ ᠵᠢᠷᠤᠭ ᠮᠡᠲᠦ ᠭᠤᠶᠣᠬᠠᠨ ᠬᠥᠭᠵᠢᠮ ᠰᠢᠭ ᠢᠷᠠᠭᠤᠬᠠᠨ︕
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ