ᠡᠵᠢ ᠲᠠᠢ ᠬᠤᠷᠸ᠎ᠠ ᠠᠮᠤᠭᠤᠯᠠᠩ
ᠨᠡᠶᠢᠲᠡᠯᠡᠭᠰᠡᠨ ᠴᠠᠭ᠄
2025/6/23
   ᠡᠵᠢ ᠶᠢᠨ ᠢᠶᠠᠨ ᠰᠦ ᠶᠢ ᠴᠠᠳᠲᠠᠯ᠎ᠠ ᠬᠥᠬᠦᠴᠢᠬᠡᠭᠡᠳ ᠮᠠᠨᠴᠤᠢ ᠳᠣᠲᠣᠷ᠎ᠠ ᠪᠠᠨ ᠦᠯᠦ ᠮᠡᠳᠡᠭᠬᠡᠨ ᠢᠨᠢᠶᠡᠮᠰᠦᠭᠯᠡᠯ ᠤᠨ ᠲᠤᠶᠠᠭ᠎ᠠ ᠰᠠᠴᠤᠷᠠᠭᠤᠯᠤᠨ ᠤᠨᠲᠠᠵᠤ ᠪᠠᠶᠢᠭ᠎ᠠ ᠬᠥᠮᠥᠨ ᠤ ᠣᠷᠴᠢᠯᠠᠩ ᠳᠤ ᠰᠠᠶ᠋ᠢᠬᠠᠨ ᠢᠷᠡᠭᠰᠡᠨ ᠤᠯᠠᠭᠠᠨ ᠨᠢᠯᠬ᠎ᠠ ᠠᠮᠢᠲᠠᠨ ᠢ ᠦᠵᠡᠬᠦ ᠪᠦᠷᠢ᠂ ᠡᠵᠢ ᠨᠢ ᠭᠠᠳᠠᠨ᠎ᠠ ᠠᠴᠠ ᠣᠷᠣᠭᠠᠳ ᠢᠷᠡᠬᠦ ᠳᠤ ᠶᠢᠷᠲᠢᠨᠴᠦ ᠶᠢᠨ ᠬᠠᠮᠤᠭ ᠤᠨ ᠬᠥᠭᠡᠷᠦᠬᠦᠨ ᠴᠡᠴᠡᠭ ᠳᠡᠯᠪᠢ ᠪᠠᠨ ᠵᠠᠳᠠᠯᠬᠤ ᠰᠢᠭ᠋ ᠬᠤᠶᠠᠷ ᠭᠠᠷ ᠢᠶᠠᠨ ᠳᠡᠷᠪᠡᠯᠵᠡᠭᠦᠯᠦᠨ ᠲᠣᠰᠣᠭᠠᠳ ᠭᠦᠶᠦᠬᠦ ᠰᠠᠶ᠋ᠢ ᠯᠠ ᠬᠥᠯ ᠳᠤ ᠣᠷᠣᠵᠤ ᠪᠠᠶᠢᠭ᠎ᠠ ᠬᠡᠦᠬᠡᠳ ᠢ ᠬᠠᠷᠠᠬᠤ ᠪᠦᠷᠢ᠂ ᠥᠷᠯᠥᠭᠡ ᠶᠢᠨ ᠨᠠᠷᠠᠨ ᠤ ᠰᠠᠴᠤᠷᠠᠭ ᠢ ᠪᠤᠯᠪᠠᠷᠠᠢ ᠬᠠᠴᠠᠷ ᠳᠡᠭᠡᠷ᠎ᠡ ᠪᠠᠨ ᠪᠥᠮᠪᠥᠷᠢᠭᠦᠯᠦᠨ᠂ ᠡᠵᠢ ᠲᠠᠢ ᠪᠠᠨ ᠬᠥᠲᠥᠯᠥᠯᠴᠡᠨ ᠬᠥᠯ ᠬᠥᠳᠡᠯᠭᠡᠭᠡᠨ ᠶᠡᠬᠡᠲᠡᠢ ᠭᠤᠳᠤᠮᠵᠢ ᠶᠢᠨ ᠵᠠᠮ ᠣᠭᠲᠣᠯᠣᠨ ᠶᠠᠮᠠᠷ ᠴᠦ ᠠᠶᠤᠵᠤ ᠰᠣᠴᠢᠬᠤ ᠶᠢᠨ ᠰᠡᠳᠬᠢᠯ ᠤᠨ ᠰᠡᠭᠦᠳᠡᠷ ᠦᠭᠡᠢ ᠳᠡᠭᠳᠡᠵᠦ ᠶᠠᠪᠤᠭ᠎ᠠ ᠴᠡᠴᠡᠷᠯᠢᠭ ᠪᠤᠶᠤ ᠪᠠᠭ᠎ᠠ ᠰᠤᠷᠭᠠᠭᠤᠯᠢ ᠶᠢᠨ ᠨᠠᠰᠤᠨ ᠤ ᠬᠡᠦᠬᠡᠳ ᠤᠳ ᠢ ᠠᠵᠢᠬᠤ ᠪᠦᠷᠢ᠂ ᠠᠯᠤᠰ ᠬᠤᠯᠠ ᠶᠢᠨ ᠬᠠᠮᠢᠭ᠎ᠠ ᠨᠢᠭᠡ ᠭᠠᠵᠠᠷ ᠠᠴᠠ ᠭᠡᠷ ᠲᠡᠭᠡᠨ ᠬᠠᠷᠢᠵᠤ ᠢᠷᠡᠭᠡᠳ ᠡᠵᠢ ᠶᠢᠨ ᠢᠶᠠᠨ ᠡᠯᠢᠭᠡᠨ ᠳᠤ ᠲᠣᠯᠣᠭᠠᠢ ᠪᠠᠨ ᠨᠠᠭᠠᠵᠤ ᠴᠣᠷᠭᠢᠷᠠᠲᠠᠯ᠎ᠠ ᠤᠭᠢᠯᠠᠨ᠂ ᠡᠵᠢ ᠪᠠᠷ ᠢᠶᠠᠨ ᠦᠨᠦᠰᠦᠭᠦᠯᠵᠦ ᠪᠡᠲᠡᠭᠢᠷᠡᠲᠡᠯ᠎ᠡ ᠰᠠᠨᠠᠭᠰᠠᠨ ᠢᠶᠠᠨ ᠲᠠᠶᠢᠯᠵᠦ ᠵᠣᠬᠰᠣᠬᠤ ᠬᠡᠨ ᠨᠢᠭᠡᠨ ᠲᠠᠢ ᠲᠠᠭᠠᠷᠠᠬᠤ ᠪᠦᠷᠢ ᠁ ᠪᠢ ᠰᠡᠳᠬᠢᠯ ᠰᠡᠮᠡᠷᠡᠨ ᠨᠢᠯᠪᠤᠰᠤ ᠮᠡᠯᠲᠡᠭᠡᠨᠡᠭᠦᠯᠵᠦ ᠡᠵᠢ ᠲᠠᠢ ᠬᠤᠷᠸ᠎ᠠ ᠭᠡᠵᠦ ᠶᠠᠮᠠᠷ ᠠᠮᠤᠷ ᠠᠮᠤᠭᠤᠯᠠᠩ᠂ ᠶᠠᠮᠠᠷ ᠠᠵᠠ ᠵᠢᠷᠭᠠᠯᠲᠠᠢ ᠶᠤᠮ ᠪᠤᠢ ᠭᠡᠵᠦ ᠥᠪᠡᠷ ᠤᠨ ᠮᠡᠳᠡᠯ ᠦᠭᠡᠢ ᠳᠠᠭᠤ ᠠᠯᠳᠠᠳᠠᠭ ᠰᠠᠨ᠃     ᠲᠡᠶᠢᠮᠦ ᠠ᠋᠂ ᠡᠵᠢ ᠲᠠᠢ ᠬᠥᠮᠥᠨ ᠰᠠᠶᠢᠬᠠᠨ᠃ ᠡᠵᠢ ᠲᠠᠢ ᠬᠤᠷᠸ᠎ᠠ ᠠᠮᠤᠭᠤᠯᠠᠩ᠃ ︽ᠡᠵᠢ ᠲᠠᠢ ᠪᠠᠨ ᠪᠠᠶᠢᠬᠤ ᠳᠤ ᠪᠢ ᠪᠠᠶᠠᠨ ᠪᠠᠶᠢᠭᠰᠠᠨ ᠁︾ ᠭᠡᠵᠦ ᠠᠭᠤᠤ ᠰᠢᠯᠦᠭᠴᠢ ᠶᠢᠨ ᠪᠢᠴᠢᠳᠡᠭ ᠰᠢᠭ ᠡᠵᠢ ᠲᠠᠢ ᠪᠠᠨ ᠪᠠᠶᠢᠬᠤᠢ ᠳᠤ ᠬᠤᠷᠸ᠎ᠠ ᠳᠡᠯᠡᠬᠡᠢ ᠬᠡᠵᠢᠶᠡᠳᠡ ᠠᠮᠤᠭᠤᠯᠠᠩ ᠲᠠᠶᠢᠪᠤᠩ ᠰᠠᠨᠠᠭᠳᠠᠳᠠᠭ ᠠᠵᠢ᠃     ᠶᠡᠷᠦᠨᠢ ᠲᠡᠭᠡᠭᠡᠳ ᠭᠠᠭᠴᠠᠬᠠᠨ ᠬᠥᠮᠥᠨ ᠲᠥᠷᠥᠯᠬᠢᠲᠡᠨ ᠲᠡᠳᠦᠢ ᠪᠤᠰᠤ ᠶᠠᠮᠠᠷᠪᠠ ᠠᠮᠢᠲᠠᠨ ᠤ ᠦᠷ᠎ᠡ ᠲᠥᠯ ᠪᠦᠷ ᠡᠬᠡ ᠶᠢᠨ ᠢᠶᠠᠨ ᠳᠡᠷᠭᠡᠳᠡ ᠪᠠᠶᠢᠪᠠᠯ ᠡᠩᠬᠡ ᠲᠤᠩᠬ᠎ᠠ ᠠᠮᠤᠷ ᠵᠢᠮᠤᠷ ᠡᠷᠬᠡ ᠳᠠᠷᠭ᠋᠎ᠠ ᠶᠢ ᠡᠳ᠋ᠯᠡᠵᠦ᠂ ᠬᠠᠮᠢᠭ᠎ᠠ ᠨᠢᠭᠡᠨᠲᠡᠭᠡ ᠠᠴᠠ ᠠᠶᠤᠯ ᠠᠶᠤᠮᠰᠢᠭ ᠭᠠᠷᠤᠭᠠᠳ ᠢᠷᠡᠪᠡᠯ ᠴᠣᠷᠢ ᠶᠢᠨ ᠭᠠᠭᠴᠠ ᠠᠪᠤᠷᠠᠯ ᠤᠨ ᠨᠠᠶᠢᠳᠠᠪᠤᠷᠢ ᠨᠢ ᠲᠡᠭᠦᠨ ᠤ ᠡᠵᠢ ᠯᠡ ᠪᠠᠶᠢᠳᠠᠭ ᠶᠤᠮ ᠰᠢᠭ᠋ ᠰᠠᠨᠠᠭᠳᠠᠳᠠᠭ ᠨᠢ ᠠᠮᠢᠲᠠᠨ ᠪᠦᠭᠦᠨ ᠳᠤ ᠵᠠᠶᠠᠭᠠᠭᠰᠠᠨ ︽ᠲᠥᠷᠥᠯᠬᠢ ᠴᠢᠨᠠᠷ︾ ᠭᠡᠯᠲᠡᠢ᠃ ᠶᠠᠮᠠᠷ ᠨᠢᠭᠡᠨ ᠶᠠᠭᠤᠮᠠᠨ ᠠᠴᠠ ᠦᠷᠭᠦᠵᠦ ᠰᠣᠴᠢᠭᠰᠠᠨ ᠪᠣᠲᠣᠭᠤ ᠴᠦ ᠲᠡᠷᠡ᠂ ᠤᠨᠠᠭ᠎ᠠ ᠴᠦ ᠲᠡᠷᠡ᠂ ᠢᠨᠵᠠᠭ᠎ᠠ ᠴᠦ ᠲᠡᠷᠡ᠂ ᠰᠢᠪᠠᠭᠤᠨ ᠤ ᠳᠡᠭᠳᠡᠭᠡᠬᠡᠢ ᠴᠦ ᠲᠡᠷᠡ᠂ ᠴᠢᠨ᠋ᠸ᠎ᠠ ᠶᠢᠨ ᠪᠡᠯᠲᠡᠷᠭᠡ ᠴᠦ ᠲᠡᠷᠡ ᠪᠦᠷ ᠡᠩ ᠲᠡᠷᠢᠭᠦᠨ ᠳᠤ ᠡᠵᠢ ᠶᠢᠨ ᠢᠶᠠᠨ ᠵᠦᠭ ᠨᠢᠰᠬᠦ ᠮᠡᠲᠦ ᠬᠠᠷᠠᠶᠢᠵᠤ ᠣᠴᠢᠳᠠᠭ ᠢ ᠪᠢᠳᠡ ᠰᠠᠶᠢᠨ ᠮᠡᠳᠡᠬᠦ ᠪᠢᠯᠡ᠃ ᠠᠮᠢᠲᠠᠨ ᠤ ᠡᠬᠡ ᠠᠷᠢᠶᠠᠲᠠᠨ ᠤ ᠳᠣᠪᠲᠤᠯᠤᠯᠲᠠ ᠠᠴᠠ ᠦᠷ᠎ᠡ ᠪᠠᠨ ᠬᠡᠷᠬᠢᠨ ᠠᠮᠢ ᠲᠡᠮᠡᠴᠡᠨ ᠬᠠᠮᠠᠭᠠᠯᠠᠵᠤ ᠪᠠᠶᠢᠭᠰᠠᠭᠠᠷ ᠬᠦᠨᠳᠦ ᠰᠢᠷᠬᠠᠲᠤᠬᠤ ᠪᠤᠶᠤ ᠡᠴᠦᠰ ᠲᠡᠭᠡᠨ ᠦᠷᠡᠭᠳᠡᠵᠦ ᠳᠠᠭᠤᠰᠳᠠᠭ ᠢ ᠠᠮᠢᠳᠤᠷᠠᠯ ᠠᠬᠤᠢ᠂ ᠦᠯᠢᠭᠡᠷ ᠳᠣᠮᠤᠭ᠂ ᠨᠣᠮ ᠰᠤᠳᠤᠷ᠂ ᠮᠡᠳᠡᠭᠡᠯᠡᠯ ᠤᠨ ᠬᠡᠷᠡᠭᠰᠡᠯ ᠵᠡᠷᠭᠡ ᠠᠴᠠ ᠲᠠ ᠪᠦᠭᠦᠨ ᠲᠤᠭ᠎ᠠ ᠦᠭᠡᠢ ᠣᠯᠠᠨ ᠦᠵᠡᠵᠦ ᠬᠠᠷᠠᠭᠰᠠᠨ ᠪᠠᠶᠢᠬ᠎ᠠ᠃ ᠲᠡᠭᠡᠭᠡᠳ ᠪᠤᠳᠣᠬᠤ ᠳᠤ ᠲᠡᠭᠷᠢ ᠪᠠᠷ ᠨᠢᠰᠦᠭᠴᠢ᠂ ᠭᠠᠵᠠᠷ ᠢᠶᠠᠷ ᠮᠥᠯᠬᠦᠭᠴᠢ᠂ ᠤᠰᠤ ᠪᠠᠷ ᠰᠡᠯᠢᠭᠴᠢ ᠪᠦᠭᠦ ᠠᠮᠢᠲᠠᠨ ᠡᠬᠡ ᠶᠢᠨ ᠢᠶᠠᠨ ᠳᠡᠷᠭᠡᠳᠡ ᠪᠠᠶᠢᠬᠤ ᠳᠤ ᠶᠠᠮᠠᠷ ᠶᠡᠭᠡ ᠥᠮᠥᠭ ᠲᠦᠰᠢᠭ ᠲᠠᠢ᠂ ᠶᠠᠮᠠᠷ ᠶᠡᠭᠡ ᠥᠨᠢᠷ ᠵᠢᠷᠭᠠᠯᠲᠠᠢ ᠪᠠᠶᠢᠳᠠᠭ ᠢ ᠪᠢᠳᠡ ᠮᠡᠳᠡᠵᠦ ᠪᠤᠯᠬᠤ ᠨᠢ ᠠ᠋᠃ ᠠᠮᠢᠲᠠᠨ ᠤ ᠡᠬᠡ ᠭᠡᠳᠡᠭ ᠦᠷ᠎ᠡ ᠶᠢᠨ ᠢᠶᠠᠨ ᠲᠥᠯᠥᠭᠡ ᠶᠠᠭᠠᠬᠢᠬᠤ ᠠᠴᠠ ᠴᠦ ᠪᠤᠴᠠᠳᠠᠭ ᠦᠭᠡᠢ ᠠᠭᠤᠤ ᠶᠡᠭᠡ ︽ᠪᠠᠭᠠᠲᠤᠷ ᠤᠨ ᠪᠠᠭᠠᠲᠤᠷ︾᠂ ᠬᠠᠶᠢᠷ᠎ᠠ ᠶᠢᠨ ᠬᠦᠴᠦᠲᠦ ᠴᠤᠭᠯᠠᠷᠠᠯ ᠶᠤᠮ ᠭᠡᠳᠡᠭ ᠢ ᠪᠢᠳᠡ ᠵᠢᠷᠦᠬᠡ ᠰᠡᠳᠬᠢᠯ ᠠᠴᠠ ᠪᠠᠨ ᠮᠡᠳᠡᠷᠡᠬᠦ ᠠᠴᠠ ᠥᠭᠡᠷ᠎ᠡ ᠠᠷᠭ᠎ᠠ ᠦᠭᠡᠢ᠃     ᠶᠠᠮᠠᠷ ᠨᠢᠭᠡᠨ ᠭᠠᠢ ᠵᠣᠪᠠᠯᠠᠩ ᠲᠣᠬᠢᠶᠠᠯᠳᠤᠬᠤ ᠦᠶᠡᠰ ᠡᠵᠢ ᠶᠢ ᠪᠠᠨ ᠪᠤᠳᠣᠬᠤ ᠲᠠᠢ ᠵᠡᠷᠭᠡ ᠲᠡᠷᠡ ᠨᠢ ᠵᠠᠶᠢᠯᠠᠵᠤ ᠣᠳᠳᠠᠭ ᠲᠣᠬᠢᠶᠠᠯᠳᠤᠯ ᠪᠠᠶᠢᠳᠠᠭ ᠰᠠᠨᠵᠠᠢ᠃ ᠳᠡᠯᠡᠬᠡᠢ ᠶᠢᠨ ᠬᠤᠶᠠᠳᠤᠭᠠᠷ ᠳᠠᠶᠢᠨ ᠤ ᠦᠶ᠎ᠡ ᠳᠤ ᠲᠣᠬᠢᠶᠠᠯᠳᠤᠭᠰᠠᠨ ᠤᠴᠢᠷ ᠶᠤᠮ ᠭᠡᠨ᠎ᠡ᠄ ᠨᠢᠭᠡ ᠪᠠᠶᠢᠯᠳᠤᠭᠴᠢ ᠬᠦᠨᠳᠦ ᠰᠢᠷᠬᠠᠲᠤᠭᠠᠳ ᠪᠣᠰᠴᠤ ᠴᠢᠳᠠᠬᠤ ᠦᠭᠡᠢ ᠠᠮᠢ ᠨᠠᠭᠠᠨ᠎ᠠ ᠲᠠᠮᠤ ᠴᠠᠭᠠᠨ᠎ᠠ ᠬᠡᠪᠲᠡᠵᠦ ᠪᠠᠶᠢᠵᠠᠢ᠃ ᠳᠠᠶᠢᠴᠢᠨ ᠨᠥᠬᠦᠳ ᠨᠢ ᠪᠠᠷᠤᠭ ᠪᠦᠭᠦᠨ ᠢᠶᠠᠷ ᠢᠶᠠᠨ ᠦᠬᠦᠵᠦ ᠦᠷᠡᠭᠳᠡᠭᠡᠳ᠂ ᠬᠠᠶᠠ ᠨᠢᠭᠡ ᠬᠦᠨᠳᠦ ᠰᠢᠷᠬᠠᠲᠤᠭᠰᠠᠳ ᠨᠢ ᠶᠣᠣᠯᠠᠬᠤ ᠪᠤᠶᠤ ᠴᠢᠴᠡᠪᠭᠢᠨᠡᠨ ᠠᠮᠢ ᠲᠠᠰᠤᠷᠠᠬᠤ ᠨᠢ ᠦᠨᠡᠬᠡᠷ ᠨᠢᠳᠦ ᠬᠠᠯᠲᠤᠷᠢᠮ᠎ᠠ᠃ ᠲᠡᠭᠡᠵᠦ ᠪᠠᠶᠢᠲᠠᠯ᠎ᠠ ᠳᠠᠶᠢᠰᠤᠨ ᠤ ᠴᠡᠷᠢᠭ ᠬᠦᠷᠴᠦ ᠢᠷᠡᠭᠡᠳ ᠲᠡᠳᠡ ᠨᠠᠷ ᠤᠨ ᠠᠮᠢᠳᠤ ᠪᠠᠶᠢᠬᠤ ᠡᠰᠡᠬᠦ ᠶᠢ ᠨᠢ ᠦᠯᠦ ᠬᠠᠮᠢᠶᠠᠷᠤᠨ ᠵᠠᠬ᠎ᠠ ᠳᠠᠷᠠᠭᠠᠯᠠᠨ ᠨᠢᠭᠡᠪᠦᠷᠢᠴᠢᠯᠡᠨ ᠲᠣᠯᠣᠭᠠᠢ ᠴᠡᠭᠡᠵᠢ ᠤᠷᠤᠭᠤ ᠨᠢ ᠶᠠᠪᠤᠭᠤᠲᠠ ᠳᠤᠮᠳᠠ ᠪᠠᠨ ᠫᠤᠤᠳᠠᠬᠤ ᠶᠤᠮ ᠦᠦ ᠵᠢᠳᠠᠯᠠᠵᠤ ᠭᠠᠷᠬᠤ ᠨᠢ ᠲᠡᠷᠡ᠃ ᠥᠨᠥᠬᠢ ᠪᠠᠶᠢᠯᠳᠤᠭᠴᠢ ᠲᠡᠷᠡᠬᠡᠨ ᠭᠱᠠᠨ ᠳᠤ ᠴᠡᠷᠢᠭ ᠲᠤ ᠮᠣᠷᠳᠠᠬᠤ ᠳᠤᠨᠢ ᠦᠨᠦᠰᠦᠭᠡᠳ ᠤᠭᠢᠯᠠᠭᠠᠳ ᠬᠤᠴᠣᠷᠤᠭᠰᠠᠨ ᠬᠥᠭᠡᠷᠦᠬᠦᠢ ᠮᠠᠭᠤ ᠡᠵᠢ ᠶᠢ ᠪᠠᠨ ᠪᠤᠳᠣᠯ ᠳᠠᠭᠠᠨ ᠲᠣᠳᠣᠷᠠᠭᠤᠯᠤᠨ᠄     - ᠢᠩᠭᠢᠭᠡᠳ ᠯᠠ ᠡᠵᠢ ᠲᠠᠢ ᠪᠠᠨ ᠤᠴᠠᠷᠠᠵᠤ ᠴᠢᠳᠠᠬᠤ ᠦᠭᠡᠢ ᠳᠠᠶᠢᠰᠤᠨ ᠤ ᠭᠠᠷ ᠲᠤ ᠠᠷᠠᠴᠢᠭ᠎ᠠ ᠦᠭᠡᠢ ᠦᠬᠦᠳᠡᠭ ᠪᠠᠶᠢᠵᠠᠢ᠃ ᠡᠵᠢ ᠶᠢ ᠮᠢᠨᠢ ᠪᠤᠷᠬᠠᠨ ᠥᠷᠥᠰᠢᠶᠡᠵᠦ᠂ ᠤᠷᠲᠤ ᠨᠠᠰᠤᠯᠠᠭᠤᠯᠵᠤ ᠬᠠᠶᠢᠷᠠᠯᠠ︕ ᠬᠡᠮᠡᠨ ᠳᠣᠲᠣᠷ᠎ᠠ ᠪᠠᠨ ᠵᠠᠯᠪᠠᠷᠢᠩᠭᠠᠨ ᠨᠢᠳᠦ ᠪᠠᠨ ᠠᠨᠢᠵᠤ᠂ ᠳᠠᠶᠢᠰᠤᠨ ᠤ ᠵᠢᠳᠠ ᠬᠡᠵᠢᠶ᠎ᠡ ᠴᠡᠭᠡᠵᠢ ᠪᠠᠷ ᠨᠢ ᠰᠦᠯᠪᠡᠬᠦ ᠶᠢ ᠭᠥᠯᠢᠶᠡᠨ ᠬᠡᠪᠲᠡᠵᠦ ᠪᠠᠶᠢᠭᠰᠠᠨ ᠴᠢᠨᠢ ᠬᠠᠷᠢᠨ ᠬᠠᠴᠢᠷᠬᠠᠯᠲᠠᠢ ᠤᠴᠢᠷ ᠡᠭᠦᠰᠴᠦ᠂ ᠳᠠᠶᠢᠰᠤᠨ ᠲᠡᠭᠦᠨ ᠢ ᠠᠯᠤᠰᠯᠠᠭᠠᠳ ᠥᠩᠭᠡᠷᠡᠴᠢᠬᠡᠵᠦ ᠭᠡᠨ᠎ᠡ᠃ ᠬᠡᠳᠦᠨ ᠴᠠᠭ ᠤᠨ ᠳᠠᠷᠠᠭ᠎ᠠ ᠥᠪᠡᠷ ᠤᠨ ᠬᠢᠨᠢ ᠲᠠᠯ᠎ᠠ ᠶᠢᠨ ᠴᠡᠷᠢᠭ ᠢᠷᠡᠭᠡᠳ ᠬᠡᠭᠦᠷ ᠴᠡᠪᠡᠷᠯᠡᠬᠦ ᠦᠶ᠎ᠡ ᠳᠤ ᠲᠡᠷᠡ ᠪᠠᠷ ᠠᠪᠤᠷᠠᠭᠳᠠᠵᠤ᠂ ᠬᠤᠵᠢᠮ ᠨᠢ ᠠᠮᠢᠳᠤ ᠮᠡᠨᠳᠦ ᠭᠡᠷ ᠲᠡᠭᠡᠨ ᠬᠠᠷᠢᠭᠰᠠᠨ ᠭᠡᠰᠡᠨ ᠦᠨᠡᠨ ᠲᠡᠦᠬᠡ ᠶᠢ ᠪᠢ ᠨᠢᠭᠡᠨ ᠳᠤᠷᠠᠰᠤᠮᠵᠢ ᠠᠴᠠ ᠤᠩᠰᠢᠭᠰᠠᠨ ᠢᠶᠠᠨ ᠰᠠᠨᠠᠵᠤ ᠪᠠᠶᠢᠨ᠎ᠠ᠃     ᠡᠵᠢ ᠬᠥᠮᠥᠨ ᠳᠡᠷᠭᠡᠳᠡ ᠪᠢᠰᠢ ᠳᠡᠯᠡᠬᠡᠢ ᠶᠢᠨ ᠴᠠᠭᠠᠨ᠎ᠠ ᠪᠠᠶᠢᠯ᠎ᠠ ᠴᠦ ᠡᠵᠢ ᠶᠢ ᠪᠠᠨ ᠳᠠᠩᠳᠠ ᠵᠢᠷᠦᠬᠡ ᠰᠡᠳᠬᠢᠯ ᠤᠨ ᠢᠶᠠᠨ ᠬᠤᠶᠢᠮᠤᠷ ᠲᠤ ᠲᠡᠭᠡᠭᠡᠭᠡᠳ ᠶᠠᠪᠤᠵᠤ ᠪᠠᠶᠢᠭᠰᠠᠨ ᠴᠠᠭ ᠲᠤ᠂ ᠡᠵᠢ ᠶᠢ ᠪᠠᠨ ᠪᠤᠷᠬᠠᠨ ᠰᠢᠭ᠋ ᠳᠡᠭᠡᠳᠦᠯᠡᠨ ᠰᠠᠨᠠᠵᠤ ᠶᠠᠪᠤᠭᠰᠠᠨ ᠴᠠᠭ ᠲᠤ ᠶᠠᠮᠠᠷ ᠨᠢᠭᠡᠨ ᠠᠶᠤᠯ ᠲᠦᠭᠰᠢᠭᠦᠷᠢ᠂ ᠭᠠᠢ ᠪᠠᠷᠴᠢᠳ ᠠᠴᠠ ᠲᠣᠭᠤᠷᠢᠵᠤ ᠭᠠᠷᠬᠤ ᠮᠠᠭᠠᠳᠯᠠᠯ ᠪᠠᠶᠢᠳᠠᠭ᠃ ᠦᠷ᠎ᠡ ᠬᠡᠦᠬᠡᠳ ᠠᠴᠠ ᠨᠢ ᠵᠠᠶᠢᠯᠠᠭᠰᠠᠨ ᠰᠦᠨᠡᠰᠦ ᠶᠢ ᠡᠵᠢ ᠨᠢ ᠬᠥᠬᠦ ᠪᠠᠷ ᠢᠶᠠᠨ ᠳᠠᠯᠠᠯᠤᠨ ᠳᠠᠭᠤᠳᠠᠭᠠᠳ ᠠᠪᠴᠢᠷᠠᠵᠤ ᠪᠠᠶᠢᠭᠰᠠᠨ ᠲᠤᠬᠠᠢ ᠬᠠᠭᠤᠴᠢ ᠶᠠᠷᠢᠶ᠎ᠠ ᠵᠥᠩᠳᠡᠭᠡᠨ᠃ ᠲᠡᠶᠢᠮᠦ ᠠᠴᠠ ᠡᠵᠢ ᠲᠠᠢ ᠬᠥᠮᠥᠨ ᠦᠬᠦᠳᠡᠭ ᠦᠭᠡᠢ ᠭᠡᠰᠡᠨ ᠦᠭᠡ ᠭᠠᠷᠤᠭᠰᠠᠨ ᠪᠢᠵᠡ᠃ ᠨᠢᠭᠡ ᠲᠠᠨᠢᠯ ᠮᠢᠨᠢ ᠨᠠᠳᠠᠳᠤ ᠬᠡᠯᠡᠬᠦ ᠳᠡᠭᠡᠨ᠂ ᠲᠡᠷᠡ ᠪᠠᠷ ᠬᠦᠨᠳᠦ ᠡᠪᠡᠳᠴᠢᠨ ᠳᠤ ᠲᠠᠷᠴᠢᠯᠠᠨ ᠡᠮᠴᠢᠯᠡᠭᠡᠨ ᠳᠤ ᠬᠡᠪᠲᠡᠵᠦ ᠪᠠᠶᠢᠬᠤ ᠳᠠᠭᠠᠨ ᠲᠡᠷᠡ ᠬᠤᠯᠠ ᠲᠡᠭᠷᠢ ᠶᠢᠨ ᠬᠠᠶᠠᠭᠠᠨ ᠳᠤ ᠪᠠᠶᠢᠭ᠎ᠠ ᠡᠵᠢ ᠪᠠᠨ ᠪᠤᠳᠣᠬᠤ ᠪᠦᠷᠢ ᠰᠠᠨᠠᠭ᠎ᠠ ᠳᠠᠭᠠᠭᠠᠳ ᠴᠦ ᠶᠤᠮ ᠦᠦ ᠡᠪᠡᠳᠴᠢᠨ ᠨᠢ ᠨᠠᠮᠳᠠᠳᠠᠭ ᠪᠠᠶᠢᠭᠰᠠᠨ ᠭᠡᠨ᠎ᠡ᠃ ᠲᠡᠭᠦᠨ ᠠᠴᠠ ᠪᠣᠯᠤᠭᠰᠠᠨ ᠦᠦ ᠪᠤᠤ ᠮᠡᠳᠡ ᠦᠬᠦᠯ ᠤᠨ ᠬᠠᠷ᠎ᠠ ᠰᠠᠪᠠᠷ ᠠᠴᠠ ᠮᠤᠯᠲᠤᠷᠠᠵᠤ᠂ ᠡᠷᠡᠭᠦᠯ ᠰᠠᠷᠠᠭᠤᠯ ᠪᠣᠯᠣᠭᠠᠳ ᠣᠳᠣ ᠡᠩᠬᠡ ᠰᠠᠶᠢᠬᠠᠨ ᠠᠮᠢᠳᠤᠷᠠᠵᠤ᠂ ᠡᠵᠢ ᠶᠢ ᠪᠠᠨ ᠢᠯᠡᠭᠦᠦ ᠶᠡᠭᠡ ᠬᠦᠨᠳᠦᠯᠡᠵᠦ ᠬᠠᠶᠢᠷᠠᠯᠠᠳᠠᠭ ᠪᠣᠯᠤᠭᠰᠠᠨ ᠭᠡᠳᠡᠭ᠃ ᠡᠵᠢ ᠬᠥᠮᠥᠨ ᠲᠠᠭᠠᠯᠠᠯ ᠲᠡᠭᠦᠰᠬᠦ ᠳᠡᠭᠡᠨ ᠪᠣᠯᠵᠤ ᠥᠭᠪᠡᠯ ᠦᠷ᠎ᠡ ᠬᠡᠦᠬᠡᠳ ᠤᠨ ᠢᠶᠠᠨ ᠭᠠᠢ ᠯᠠᠨᠴᠢᠭ᠂ ᠵᠣᠪᠠᠯᠠᠩ ᠰᠢᠨᠠᠯᠤᠯ ᠢ ᠨᠢ ᠠᠪᠤᠭᠠᠳ ᠥᠭᠡᠷ᠎ᠡ ᠶᠢᠷᠲᠢᠨᠴᠦ ᠤᠷᠤᠭᠤ ᠣᠴᠢᠬᠤ ᠰᠠᠨ ᠭᠡᠵᠦ ᠪᠤᠳᠣᠳᠠᠭ ᠭᠡᠨ᠎ᠡ ᠰᠢᠦ᠂ ᠬᠥᠭᠡᠷᠦᠬᠦᠢ᠃ ︽ᠦᠬᠦᠲᠡᠯ᠎ᠡ ᠦᠷ᠎ᠡ ᠬᠠᠷᠠᠮ︾ ᠭᠡᠳᠡᠭ ᠨᠢ ᠲᠡᠷᠡ ᠪᠠᠶᠢᠬ᠎ᠠ ᠳ᠋ᠠ᠃ ᠦᠷ᠎ᠡ ᠤᠳᠤᠮ ᠢᠶᠠᠨ ᠬᠤᠷᠣᠮ ᠪᠦᠷᠢ ᠮᠠᠭᠤ ᠡᠷᠴᠢᠰ ᠠᠴᠠ ᠬᠠᠮᠠᠭᠠᠯᠠᠵᠤ ᠬᠠᠭᠠᠴᠠᠶᠢᠯᠠᠵᠤ ᠪᠠᠶᠢᠳᠠᠭ ᠡᠵᠢ ᠬᠥᠮᠥᠨ ᠤ ᠡᠨᠡᠷᠢᠯ ᠲᠡᠭᠦᠰ ᠵᠢᠱᠢᠶ᠎ᠡ ᠶᠢ ᠠᠯᠢ ᠶᠢ ᠨᠢ ᠲᠡᠷᠡ ᠭᠡᠬᠦ ᠪᠤᠢ᠃     ᠡᠵᠢ ᠪᠣᠯ ᠲᠡᠷᠡ ᠮᠥᠷ ᠢᠶᠠᠷ ᠢᠶᠠᠨ ᠠᠭᠤᠤ ᠬᠠᠶᠢᠷ᠎ᠠ ᠶᠢᠨ ᠬᠠᠭᠠᠨ ᠶᠤᠮ᠃ ᠦᠷ᠎ᠡ ᠶᠢᠨ ᠢᠶᠠᠨ ᠲᠥᠯᠥᠭᠡ ᠡᠵᠢ ᠶᠢᠨ ᠵᠢᠷᠦᠬᠡ ᠶᠠᠭᠠᠬᠢᠵᠤ ᠴᠣᠬᠢᠯᠠᠵᠤ ᠪᠠᠶᠢᠳᠠᠭ ᠢ ᠪᠢ ᠦᠭᠡ ᠪᠠᠷ ᠢᠯᠡᠳᠬᠡᠵᠦ ᠦᠯᠦ ᠴᠢᠳᠠᠨᠠᠮ᠃ ᠶᠠᠮᠠᠷ ᠪᠠᠶᠠᠨ ᠲᠠᠩᠰᠤᠭ ᠭᠡᠯᠡ ᠭᠡᠯ᠎ᠡ ᠴᠦ ᠦᠭᠡᠰ ᠤᠨ ᠰᠠᠩ ᠳᠤᠲᠠᠬᠤ ᠰᠢᠭ᠋ ᠰᠠᠨᠠᠭᠳᠠᠨ᠎ᠠ᠃     ᠬᠤᠷᠸ᠎ᠠ ᠳᠡᠯᠡᠬᠡᠢ ᠶᠢᠨ ᠠᠮᠤᠷ ᠠᠮᠤᠭᠤᠯᠠᠩ ᠭᠡᠷ ᠪᠦᠯᠢ ᠠᠴᠠ ᠡᠬᠢᠯᠡᠳᠡᠭ᠃ ᠲᠤᠬᠠᠶᠢᠯᠠᠪᠠᠯ ᠡᠵᠢ ᠠᠴᠠ ᠡᠬᠢᠯᠡᠳᠡᠭ᠃ ᠬᠥᠮᠥᠨ ᠲᠥᠷᠥᠯᠬᠢᠲᠡᠨ ᠤ ᠲᠡᠦᠬᠡᠨ ᠳᠠᠬᠢ ᠪᠦᠭᠦ ᠠᠮᠵᠢᠯᠲᠠ ᠳᠡᠪᠰᠢᠯ ᠤᠨ ᠴᠠᠭᠠᠨ᠎ᠠ ᠡᠵᠢ ᠬᠥᠮᠥᠨ ᠤ ᠬᠠᠶᠢᠷ᠎ᠠ ᠬᠠᠯᠠᠮᠵᠢ᠂ ᠬᠠᠲᠠᠭᠤ ᠲᠡᠪᠴᠢᠶᠡᠷᠢ ᠨᠢᠭᠤᠭᠳᠠᠵᠤ ᠪᠠᠶᠢᠳᠠᠭ᠃ ᠡᠵᠢ ᠪᠣᠯ ᠰᠠᠶᠢᠨ ᠰᠠᠶᠢᠬᠠᠨ ᠪᠦᠭᠦᠨ ᠤ ᠡᠬᠢᠯᠡᠯ᠃ ᠨᠠᠷᠠᠨ ᠤ ᠭᠡᠷᠡᠯ ᠳᠤ ᠠᠭᠠᠷ ᠲᠡᠭᠷᠢ ᠭᠡᠭᠡᠨ ᠲᠤᠩᠭᠠᠯᠠᠭ ᠣᠷᠣᠰᠢᠳᠠᠭ ᠪᠣᠯ ᠡᠵᠢ ᠶᠢᠨ ᠬᠠᠶᠢᠷ᠎ᠠ ᠳᠤ ᠬᠡᠦᠬᠡᠳ ᠤᠨ ᠢᠨᠢᠶᠡᠳᠦ ᠳᠡᠯᠡᠬᠡᠢ ᠳᠦᠭᠦᠷᠡᠩ ᠴᠤᠤᠷᠢᠶᠠᠯᠠᠳᠠᠭ ᠪᠠᠶᠢᠨᠠᠮ᠃     ︽ᠡᠵᠢ ᠠ᠋︕︾ ᠭᠡᠵᠦ ᠣᠷᠴᠢᠯᠠᠩ ᠳᠦᠭᠦᠷᠭᠡᠵᠦ ᠳᠠᠭᠤᠳᠠᠬᠤ ᠳᠤ ᠡᠪᠡᠰᠦ ᠪᠣᠯᠭᠠᠨ ᠤ ᠰᠡᠵᠢᠭᠦᠷ ᠳᠡᠭᠡᠷ᠎ᠡ ᠲᠡᠭᠷᠢ ᠶᠢᠨ ᠨᠢᠯᠪᠤᠰᠤ ᠮᠡᠯᠲᠡᠭᠡᠨᠡᠵᠦ᠂ ᠣᠳᠣ ᠪᠦᠭᠦᠨ ᠤ ᠠᠨᠢᠰᠬᠠᠨ ᠳᠡᠭᠡᠷ᠎ᠡ ᠤᠶᠠᠩᠭ᠎ᠠ ᠶᠢᠨ ᠣᠴᠢᠰ ᠴᠠᠭᠢᠯᠤᠨ᠂ ᠬᠠᠮᠢᠭ᠎ᠠ ᠬᠤᠯᠠ ᠶᠢᠨ ᠭᠤᠣᠯ ᠮᠥᠷᠡᠨ ᠳᠣᠯᠭᠢᠰ ᠢᠶᠠᠨ ᠬᠥᠭᠯᠡᠨ ᠨᠠᠮᠢᠶᠠᠲᠠᠵᠤ᠂ ᠬᠠᠬᠢᠷ ᠴᠡᠪᠳᠡᠭ ᠬᠠᠳᠠ ᠴᠢᠯᠠᠭᠤ ᠭᠦᠷᠲᠡᠯ᠎ᠡ ᠳᠣᠲᠣᠷ᠎ᠠ ᠠᠴᠠ ᠪᠠᠨ ᠤᠶᠠᠷᠠᠨ ᠮᠡᠭᠰᠢᠳᠡᠭ ᠭᠡᠨᠡᠮ᠃     ᠨᠢᠳᠦᠨ ᠳᠤ ᠦᠵᠡᠭᠳᠡᠬᠦ ᠭᠠᠭᠴᠠᠬᠠᠨ ᠲᠡᠭᠷᠢ᠂ ᠰᠡᠳᠬᠢᠯ ᠵᠢᠷᠦᠬᠡᠨ ᠤ ᠬᠡᠷᠡᠯᠳᠦ ᠶᠢᠷᠲᠢᠨᠴᠦ - ᠡᠵᠢ ᠪᠣᠯ ᠠᠮᠢᠳᠤ ᠰᠠᠬᠢᠭᠤᠰᠤ᠂ ᠡᠩᠬᠡ ᠮᠥᠩᠬᠡ ᠶᠢᠨ ᠡᠬᠢ ᠡᠭᠦᠰᠪᠦᠷᠢ ᠪᠢᠯᠡ᠃ ᠲᠡᠷᠡ ᠶᠡᠭᠡ ᠬᠠᠶᠢᠷ᠎ᠠ ᠶᠢᠨ ᠤᠷᠤᠰᠬᠠᠯ ᠭᠡᠷ ᠤᠨ ᠬᠤᠶᠢᠮᠤᠷ ᠠᠴᠠ ᠡᠬᠢᠯᠡᠭᠡᠳ ᠬᠢᠵᠠᠭᠠᠷ ᠦᠭᠡᠢ ᠶᠢᠨ ᠬᠢᠵᠠᠭᠠᠷ ᠲᠤ ᠭᠦᠷᠳᠡᠭ᠃ ᠳᠡᠯᠡᠬᠡᠢ ᠶᠢ ᠠᠷᠭᠠᠳᠠᠬᠤ ᠳᠤ ᠡᠰᠡᠬᠦᠯ᠎ᠡ ᠠᠪᠤᠷᠠᠬᠤ ᠳᠤ ᠡᠵᠢ ᠪᠦᠭᠦᠨ ᠤ ᠬᠠᠶᠢᠷ᠎ᠠ ᠲᠡᠷᠢᠭᠦᠨ ᠵᠡᠷᠭᠡ ᠶᠢᠨ ᠵᠣᠷ ᠪᠤᠯᠳᠠᠭ᠃ ᠠᠶᠤᠮᠰᠢᠭᠲᠤ ᠳᠠᠶᠢᠨ ᠤ ᠭᠠᠯ ᠡᠵᠢ ᠬᠥᠮᠥᠨ ᠤ ᠠᠷᠢᠭᠤᠨ ᠨᠢᠯᠪᠤᠰᠤ᠂ ᠠᠭᠤᠤ ᠵᠠᠯᠪᠠᠷᠢᠯ ᠬᠤᠶᠠᠷ ᠲᠤ ᠯᠠ ᠤᠨᠲᠠᠷᠠᠬᠤ ᠤᠴᠢᠷᠲᠠᠢ ᠭᠡᠵᠦ ᠪᠤᠳᠣᠨᠠᠮ᠃ ᠡᠵᠢ ᠪᠣᠯ ᠶᠢᠷᠲᠢᠨᠴᠦ ᠶᠢᠨ ᠡᠬᠢᠯᠡᠯ᠂ ᠬᠠᠶᠢᠷ᠎ᠠ ᠪᠣᠯ ᠠᠮᠢᠳᠤᠷᠠᠯ ᠤᠨ ᠦᠨᠳᠦᠰᠦ᠂ ᠭᠡᠷᠡᠯ ᠪᠣᠯ ᠬᠤᠷᠮᠤᠰᠲᠠ ᠶᠢᠨ ᠷᠠᠰᠢᠶᠠᠨ᠂ ᠠᠮᠤᠭᠤᠯᠠᠩ ᠪᠣᠯ ᠬᠤᠲᠠᠯᠠ ᠶᠢᠨ ᠮᠥᠷᠥᠭᠡᠳᠦᠯ ᠶᠤᠮ᠃     ᠡᠵᠢ ᠮᠣᠳᠣᠨ ᠤ ᠰᠠᠯᠠᠭᠠᠨ ᠳᠡᠭᠡᠷ᠎ᠡ ᠬᠠᠶᠢᠷ᠎ᠠ ᠶᠢᠨ ᠦᠷ᠎ᠡ ᠵᠢᠮᠢᠰ ᠨᠠᠷᠠᠨ ᠳᠤ ᠡᠷᠬᠡᠯᠡᠵᠦ᠂ ᠰᠠᠷᠠᠨ ᠳᠤ ᠲᠤᠨᠢᠷᠬᠠᠨ ᠬᠡᠵᠢᠶ᠎ᠡ ᠮᠥᠩᠬᠡᠳᠡ ᠤᠷᠭᠤᠨᠠᠮ᠃ ᠰᠠᠯᠬᠢ ᠰᠢᠭᠤᠷᠭ᠎ᠠ᠂ ᠴᠠᠰᠤ ᠪᠣᠷᠣᠭᠠᠨ ᠠᠴᠠ ᠦᠯᠦ ᠰᠢᠯᠲᠠᠭᠠᠯᠠᠨᠠᠮ᠃     ᠳᠡᠯᠡᠬᠡᠢ ᠡᠵᠢ ᠠᠮᠤᠭᠤᠯᠠᠩ ᠪᠣᠯ ᠠᠮᠢᠳᠤᠷᠠᠯ ᠤᠨ ᠮᠣᠳᠣ ᠪᠣᠯᠭᠠᠨ ᠴᠡᠴᠡᠭᠯᠡᠨ᠎ᠡ᠃ ︽ᠡᠵᠢ︾ ᠭᠡᠳᠡᠭ ᠦᠭᠡᠨ ᠠᠴᠠ ᠡᠨᠡᠷᠢᠯ ᠬᠠᠶᠢᠷ᠎ᠠ᠂ ᠡᠩᠬᠡ ᠠᠮᠤᠭᠤᠯᠠᠩ ᠤᠨ ᠭᠦᠨ ᠤᠳᠬ᠎ᠠ ᠭᠡᠷᠡᠯᠲᠦᠨ᠎ᠡ᠃     ᠡᠵᠢ - ᠠᠮᠤᠷ ᠠᠮᠤᠭᠤᠯᠠᠩ ᠤᠨ ᠠᠩᠬᠠᠨ ᠤ ᠦᠰᠦᠭ᠂ ᠠᠭᠤᠤ ᠶᠡᠭᠡ ᠠᠰᠢᠳᠠ ᠶᠢᠨ ᠳᠠᠭᠤᠳᠠᠯᠭ᠎ᠠ ᠪᠢᠯᠡ᠃      ᠡᠵᠢ ᠲᠠᠢ ᠬᠤᠷᠸ᠎ᠠ ᠠᠮᠤᠭᠤᠯᠠᠩ ᠪᠠᠶᠢᠬᠤ ᠠᠴᠠ ᠥᠭᠡᠷ᠎ᠡ ᠠᠷᠭ᠎ᠠ ᠦᠭᠡᠢ ᠶᠤᠮ ᠳ᠋ᠠ᠃
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ