ᠤᠯᠠᠭᠠᠨᠬᠦᠦ ᠨᠥᠬᠦᠷ ᠤᠨ ᠳᠤᠷᠠᠰᠬᠠᠯ ᠤᠨ ᠣᠷᠳᠣᠨ
ᠨᠡᠶᠢᠲᠡᠯᠡᠭᠰᠡᠨ ᠴᠠᠭ᠄
2025/6/24
   ᠵᠠᠯᠠᠨ ᠠᠶᠢᠯ ᠬᠤᠲᠠ ᠶᠢᠨ ᠤᠯᠠᠭᠠᠨᠬᠦᠦ ᠨᠥᠬᠦᠷ ᠤᠨ ᠳᠤᠷᠠᠰᠬᠠᠯ ᠤᠨ ᠣᠷᠳᠣᠨ ᠤ ᠲᠠᠯᠠᠪᠠᠢ ᠨᠢ 8051 ᠲᠡᠭᠰᠢ ᠳᠥᠷᠪᠡᠯᠵᠢᠨ ᠮᠧᠳ᠋ᠷ ᠪᠠᠶᠢᠵᠤ᠂ ᠤᠯᠠᠭᠠᠨᠬᠦᠦ ᠨᠥᠬᠦᠷ ᠤᠨ ᠠᠵᠢᠯ ᠤᠨ ᠬᠠᠭᠤᠴᠢᠨ ᠪᠠᠭᠤᠷᠢ᠂ ᠤᠯᠠᠭᠠᠨᠬᠦᠦ ᠶᠢᠨ ᠰᠣᠶᠣᠯ ᠤᠨ ᠭᠤᠣᠯ ᠰᠡᠳᠦᠪᠲᠦ ᠠᠭᠤᠳᠠᠮ ᠲᠠᠯᠠᠪᠠᠢ᠂ ᠰᠣᠶᠣᠯ ᠤᠨ ᠬᠥᠰᠢᠶᠡᠨ ᠤ ᠬᠤᠩᠭᠢᠯ ᠵᠢᠴᠢ ᠤᠯᠠᠭᠠᠨᠬᠦᠦ ᠨᠥᠬᠦᠷ ᠤᠨ ᠬᠠᠭᠠᠰ ᠪᠡᠶ᠎ᠡ ᠶᠢᠨ ᠬᠦᠷᠡᠯ ᠬᠦᠷᠦᠭ ᠵᠡᠷᠭᠡ ᠬᠡᠳᠦᠨ ᠪᠦᠷᠢᠯᠳᠦᠭᠦᠨ ᠬᠡᠰᠡᠭ ᠢᠶᠠᠷ ᠬᠤᠪᠢᠶᠠᠭᠳᠠᠵᠠᠢ᠃ ᠡᠭᠦᠨ ᠳᠤ᠂ ᠤᠯᠠᠭᠠᠨᠬᠦᠦ ᠨᠥᠬᠦᠷ ᠤᠨ ᠠᠵᠢᠯ ᠤᠨ ᠬᠠᠭᠤᠴᠢᠨ ᠪᠠᠭᠤᠷᠢ ᠶᠢ 1935 ᠣᠨ ᠳᠤ ᠪᠠᠶᠢᠭᠤᠯᠵᠠᠢ᠂ ᠲᠤᠬᠠᠢ ᠶᠢᠨ ᠦᠶ᠎ᠡ ᠳᠤ ᠬᠠᠭᠤᠷᠮᠠᠭ ᠬᠢᠩᠭᠠᠨ ᠵᠡᠭᠦᠨ ᠮᠤᠵᠢ ᠶᠢᠨ ᠠᠩᠬᠠᠳᠠᠭᠴᠢ ᠮᠤᠵᠢ ᠶᠢᠨ ᠳᠠᠷᠤᠭ᠎ᠠ ᠶᠢᠨ ᠠᠯᠪᠠᠨ ᠣᠷᠳᠣᠨ ᠪᠠᠶᠢᠵᠤ᠂ ᠥᠪᠡᠷᠲᠡᠭᠡᠨ ᠵᠠᠰᠠᠬᠤ ᠣᠷᠣᠨ ᠤ ᠳᠡᠰ ᠤᠨ ᠭᠤᠣᠯᠳᠠᠯᠭ᠎ᠠ ᠲᠠᠢ ᠲᠡᠦᠬᠡ ᠶᠢᠨ ᠳᠤᠷᠠᠰᠬᠠᠯᠲᠤ ᠵᠦᠢᠯᠡᠰ ᠤᠨ ᠬᠠᠮᠠᠭᠠᠯᠠᠯᠲᠠ ᠶᠢᠨ ᠨᠢᠭᠡᠴᠡ ᠪᠠᠶᠢᠵᠠᠢ᠃ 2011 ᠣᠨ ᠳᠤ ᠵᠠᠯᠠᠨ ᠠᠶᠢᠯ ᠬᠤᠳᠠ ᠶᠢ ᠬᠤᠪᠢᠰᠬᠠᠯ ᠤᠨ ᠬᠠᠭᠤᠴᠢᠨ ᠰᠠᠭᠤᠷᠢᠨ ᠭᠠᠵᠠᠷ ᠢᠶᠠᠷ ᠮᠠᠭᠠᠳᠯᠠᠨ ᠲᠣᠭᠲᠠᠭᠠᠵᠤ᠂ ᠤᠯᠠᠭᠠᠨᠬᠦᠦ ᠨᠥᠬᠦᠷ ᠤᠨ ᠳᠤᠷᠠᠰᠬᠠᠯ ᠤᠨ ᠣᠷᠳᠣᠨ ᠢ ᠬᠤᠪᠢᠰᠬᠠᠯ ᠤᠨ ᠳᠤᠷᠠᠰᠬᠠᠯᠲᠤ ᠵᠤᠭᠠᠴᠠᠯ ᠤᠨ ᠭᠤᠣᠯᠳᠠᠯᠭ᠎ᠠ ᠲᠠᠢ ᠦᠵᠡᠮᠵᠢ ᠶᠢᠨ ᠣᠷᠣᠨ ᠪᠠ ᠤᠯᠤᠰ ᠢᠶᠠᠨ ᠬᠠᠶᠢᠷᠠᠯᠠᠬᠤ ᠦᠵᠡᠯ ᠤᠨ ᠬᠥᠮᠦᠵᠢᠯ ᠤᠨ ᠰᠠᠭᠤᠷᠢᠨ ᠭᠠᠵᠠᠷ ᠢᠶᠠᠷ ᠵᠢᠭᠰᠠᠭᠠᠪᠠ᠃ ᠣᠷᠳᠣᠨ ᠳᠤ ᠤᠯᠠᠭᠠᠨᠬᠦᠦ ᠨᠥᠬᠦᠷ ᠤᠨ ᠲᠤᠬᠠᠢ ᠶᠢᠨ ᠵᠢᠯ ᠤᠨ ᠵᠠᠯᠠᠨ ᠠᠶᠢᠯ ᠳᠤ ᠠᠵᠢᠯᠯᠠᠵᠤ ᠠᠮᠢᠳᠤᠷᠠᠵᠤ ᠪᠠᠶᠢᠭᠰᠠᠨ ᠤᠤᠯ ᠤᠨ ᠳᠦᠷᠰᠦ ᠪᠠᠶᠢᠳᠠᠯ ᠢ ᠰᠡᠷᠭᠦᠭᠡᠵᠦ᠂ ᠤᠯᠠᠭᠠᠨᠬᠦᠦ ᠨᠥᠬᠦᠷ ᠤᠨ 1948 ᠣᠨ ᠠᠴᠠ 1962 ᠣᠨ ᠪᠣᠯᠲᠠᠯᠠᠬᠢ ᠬᠤᠭᠤᠴᠠᠭᠠᠨ ᠳᠤ ᠵᠠᠯᠠᠨ ᠠᠶᠢᠯ ᠳᠤ ᠣᠯᠠᠨᠲᠠ ᠢᠷᠡᠵᠦ ᠠᠵᠢᠯᠯᠠᠵᠤ ᠠᠮᠢᠳᠤᠷᠠᠵᠤ ᠪᠠᠶᠢᠭᠰᠠᠨ ᠴᠢᠬᠤᠯᠠ ᠲᠤᠯᠭᠤᠷ ᠪᠢᠴᠢᠭ ᠪᠣᠯᠣᠨ ᠪᠣᠳᠠᠲᠤ ᠪᠣᠳᠠᠰ ᠢ ᠳᠡᠯᠭᠡᠨ ᠦᠵᠡᠭᠦᠯᠵᠡᠢ᠃ ᠰᠣᠶᠣᠯ ᠤᠨ ᠬᠥᠰᠢᠶᠡᠨ ᠤ ᠬᠤᠩᠭᠢᠯ ᠳᠤ ᠨᠠᠮ ᠪᠠ ᠲᠥᠷᠥ ᠶᠢᠨ ᠤᠳᠤᠷᠢᠳᠬᠤ ᠬᠥᠮᠥᠰ ᠵᠢᠴᠢ ᠠᠯᠳᠠᠷᠲᠤ ᠤᠷᠠᠨ ᠪᠢᠴᠢᠯᠭᠡᠲᠡᠳ ᠤᠨ 103 ᠤᠷᠠᠨ ᠪᠢᠴᠢᠯᠭᠡ ᠶᠢᠨ ᠪᠦᠲᠦᠭᠡᠯ ᠢ ᠣᠷᠣᠭᠤᠯᠤᠭᠰᠠᠨ ᠶᠤᠮ᠃ ᠣᠯᠠᠭᠠᠨᠬᠦᠦ ᠶᠢᠨ ᠵᠠᠯᠠᠨ ᠠᠶᠢᠯ ᠳᠠᠬᠢ ᠤᠯᠠ ᠮᠥᠷ ᠢᠶᠠᠷ ᠨᠢᠭᠡᠨ ᠠᠭᠤᠤ ᠶᠡᠭᠡ ᠬᠥᠮᠥᠨ ᠤ ᠠᠭᠤᠤ ᠭᠠᠪᠢᠶ᠎ᠠ ᠠᠤᠭ᠎ᠠ ᠵᠢᠳᠬᠦᠯ ᠢ ᠳᠡᠯᠭᠡᠨ ᠦᠵᠡᠭᠦᠯᠦᠭᠰᠡᠨ ᠪᠥᠭᠡᠳ ᠲᠡᠭᠦᠨ ᠤ ᠡᠭᠡᠯ ᠪᠣᠷᠣᠭᠵᠢᠭᠤᠨ ᠪᠠ ᠡᠭᠡᠯ ᠶᠡᠷᠦᠮᠳᠡᠭ ᠪᠠᠶᠢᠬᠤ ᠶᠢ ᠢᠯᠡᠷᠡᠭᠦᠯᠵᠦ᠂ ᠲᠡᠦᠬᠡ ᠪᠠ ᠭᠠᠵᠠᠷ ᠣᠷᠣᠨ ᠤ ᠦᠰᠦᠷᠦᠯᠲᠡ ᠪᠠᠷ ᠲᠠᠮᠵᠢᠨ ᠤᠯᠠᠭᠠᠨᠬᠦᠦ ᠪᠣᠯᠣᠨ ᠵᠠᠯᠠᠨ ᠠᠶᠢᠯ ᠢ ᠨᠢᠭᠲᠠ ᠬᠤᠯᠪᠣᠵᠠᠢ᠃  
1.png
2.png   
    ᠤᠯᠠᠭᠠᠨᠬᠦᠦ ᠨᠥᠬᠦᠷ ᠤᠨ ᠳᠤᠷᠠᠰᠬᠠᠯ ᠤᠨ ᠣᠷᠳᠣᠨ ᠭᠠᠷᠠᠭ ᠤᠨ ᠬᠤᠶᠠᠷ ᠠᠴᠠ ᠭᠠᠷᠠᠭ ᠤᠨ ᠡᠳᠦᠷ ᠪᠣᠯᠲᠠᠯ᠎ᠠ ᠡᠳᠦᠷ ᠪᠦᠷᠢ 9:00-17:00 ᠨᠡᠭᠡᠭᠡᠵᠦ᠂ ᠭᠠᠷᠠᠭ ᠤᠨ ᠨᠢᠭᠡᠨ ᠳᠤ ᠡᠭᠦᠳᠡ ᠪᠠᠨ ᠬᠠᠭᠠᠨ᠎ᠠ    ᠬᠠᠷᠢᠯᠴᠠᠬᠤ ᠤᠲᠠᠰᠤ᠄ 18604813333
ᠢᠷᠡᠯᠲᠡ᠄ ᠵᠠᠯᠠᠨ ᠠᠶᠢᠯ ᠬᠤᠲᠠ ᠶᠢᠨ ᠠᠷᠠᠳ ᠤᠨ ᠵᠠᠰᠠᠭ ᠤᠨ ᠣᠷᠳᠣᠨ