ᠰᠢᠤᠱᠦ᠋ᠢ ᠶᠢᠨ ᠦᠵᠡᠮᠵᠢ ᠶᠢᠨ ᠣᠷᠣᠨ ᠨᠢ ᠬᠤᠲᠠ ᠶᠢᠨ ᠬᠤᠷᠮᠣᠢ ᠠᠴᠠ ᠬᠤᠶᠢᠰᠢ 2 ᠺᠢᠯᠣᠮᠧᠳ᠋ᠷ ᠵᠠᠶᠢᠲᠠᠢ ᠶᠠᠩ ᠬᠠᠮᠠᠷᠲᠤ ᠠᠭᠤᠯᠠ ᠶᠢᠨ ᠬᠤᠷᠮᠣᠢ ᠳᠤ | ᠪᠠᠶᠢᠷᠢᠯᠠᠵᠤ᠂ ᠮᠤᠷᠤᠢ ᠰᠠᠷᠤᠢ ᠡᠮᠦᠨᠡᠰᠢ ᠠᠶᠠᠯᠠᠵᠤ ᠪᠠᠶᠢᠭ᠎ᠠ ᠶᠠᠯᠦ ᠭᠤᠣᠯ ᠠᠴᠠ ᠨᠢᠭᠡ ᠭᠤᠣᠯ ᠤᠨ ᠰᠠᠯᠠᠭ᠎ᠠ ᠰᠠᠯᠪᠤᠷᠢᠯᠠᠨ ᠭᠠᠷᠴᠤ᠂ ᠠᠳᠡ ᠤᠷᠤᠰᠤᠨ ᠢᠷᠡᠭᠡᠳ᠂ | ᠮᠤᠷᠦ᠋ᠢᠭ᠌ᠰᠠᠨ ᠠᠭᠤᠯᠠ ᠶᠢᠨ ᠪᠠᠶᠢᠴᠠ ᠶᠢ ᠳᠠᠭᠠᠯᠳᠤᠨ ᠬᠠᠪᠢᠷᠭᠠᠨ ᠰᠠᠷᠠᠨ ᠬᠡᠯᠪᠡᠷᠢᠲᠡᠢ ᠭᠤᠣᠯ ᠤᠨ ᠪᠤᠯᠤᠩ ᠪᠤᠶ ᠪᠣᠯᠵᠤ᠂ ᠪᠢᠨ ᠵᠧᠦ ᠶᠢᠨ ᠲᠡᠮᠦᠷ ᠵᠠᠮ ᠤᠨ ᠬᠤᠶᠠᠷ | ᠵᠤᠷᠪᠤᠰ ᠲᠡᠮᠦᠷ ᠵᠠᠮ ᠨᠢ ᠲᠡᠭᠦᠨ ᠲᠠᠢ ᠡᠶᠡᠪᠡᠷᠭᠦᠦ ᠰᠠᠶᠢᠬᠠᠨ ᠵᠡᠷᠭᠡᠴᠡᠨ ᠣᠷᠣᠰᠢᠵᠤ ᠪᠠᠶᠢᠳᠠᠭ᠃ ᠶᠠᠯᠦ ᠮᠥᠷᠡᠨ ᠤ ᠤᠰᠤ ᠨᠢ ᠶᠠᠭ ᠯᠠ ᠳᠠᠭᠢᠨᠢ ᠶᠢᠨ ᠭᠠᠷ ᠲᠤ | ᠬᠥᠪᠬᠦ ᠥᠩᠭᠡᠲᠦ ᠪᠦᠴᠡ ᠰᠢᠭ᠂ ᠮᠣᠳᠣᠨ ᠤ ᠳᠤᠮᠳᠠ ᠬᠤᠶᠠᠷ ᠡᠷᠭᠢ ᠶᠢᠨ ᠥᠩᠭᠡ ᠦᠵᠡᠮᠵᠢ ᠵᠢᠷᠤᠭ ᠮᠡᠲᠦ ᠨᠠᠮᠤᠭᠤᠬᠠᠨ ᠰᠠᠴᠤᠭᠰᠠᠨ ᠪᠠᠶᠢᠳᠠᠭ᠃ ᠤᠯᠠᠨ | ᠭᠠᠵᠠᠷ ᠤᠨ ᠦᠵᠡᠮᠵᠢ ᠶᠢᠨ ᠣᠷᠣᠨ ᠢ ᠪᠦᠷᠢᠯᠳᠦᠭᠦᠯᠵᠦ᠂ ᠳᠡᠭᠦᠵᠢᠩ ᠬᠥᠭᠦᠷᠭᠡ ᠶᠢᠨ ᠴᠡᠴᠡᠷᠯᠢᠭ ᠠᠴᠠ ᠭᠠᠷᠴᠤ ᠲᠡᠷᠭᠡᠨ ᠳᠤ ᠰᠠᠭᠤᠵᠤ ᠤᠮᠠᠷᠠᠰᠢ 2 ᠺᠢᠯᠣᠮᠧᠳ᠋ᠷ | ᠠᠶᠠᠯᠠᠪᠠᠯ ᠰᠢᠤᠱᠦ᠋ᠢ ᠦᠵᠡᠮᠵᠢ ᠶᠢᠨ ᠣᠷᠣᠨ ᠳᠤ ᠬᠦᠷᠴᠦ᠂ ᠦᠵᠡᠮᠵᠢ ᠶᠢᠨ ᠣᠷᠣᠨ ᠳᠤ ᠬᠥᠬᠡᠮᠳᠦᠭ ᠠᠭᠤᠯᠠ ᠬᠥᠬᠡᠮᠳᠦᠭ ᠨᠣᠭᠤᠭᠠᠨ ᠤᠰᠤ ᠪᠠᠷ ᠬᠦᠷᠢᠶᠡᠯᠡᠭᠳᠡᠵᠦ | ᠂ ᠤᠢ ᠮᠣᠳᠣ ᠰᠦᠨᠳᠡᠷᠯᠡᠨ᠂ ᠬᠤᠯᠠ ᠠᠴᠠ ᠬᠠᠷᠠᠬᠤ ᠳᠤ ᠶᠠᠭ ᠯᠠ ᠬᠥᠮᠥᠰᠬᠡ ᠵᠠᠩᠭᠢᠳᠤᠨ ᠲᠣᠯᠣᠭᠠᠢ ᠪᠠᠨ ᠤᠨᠵᠢᠭᠤᠯᠤᠨ ᠢᠴᠢᠮᠡᠲᠡᠭᠡᠢ ᠪᠢᠴᠢᠬᠠᠨ ᠥᠬᠢᠨ ᠰᠢᠭ᠂ | ᠨᠠᠮ ᠳᠥᠯᠭᠡᠬᠡᠨ ᠤᠰᠤᠨ ᠤ ᠭᠠᠳᠠᠷᠭᠤ ᠳᠡᠭᠡᠷ᠎ᠡ ᠲᠡᠭᠦᠨ ᠤ ᠲᠡᠷᠡᠬᠦ ᠰᠡᠳᠬᠢᠯ ᠬᠥᠳᠡᠯᠭᠡᠮ᠎ᠡ ᠳᠦᠷᠢ ᠪᠠᠶᠢᠳᠠᠯ ᠢ ᠬᠠᠷᠠᠭᠤᠯᠤᠨ᠎ᠠ᠃ ᠪᠦᠷᠦᠢ ᠶᠢᠨ ᠦᠶ᠎ᠡ ᠪᠠᠷ᠂ ᠨᠢᠭᠡ | ᠬᠡᠰᠡᠭ ᠦᠯᠡᠳᠡᠪᠦᠷᠢ ᠲᠤᠶᠠᠭ᠎ᠠ ᠭᠤᠣᠯ ᠤᠨ ᠤᠰᠤᠨ ᠳᠤ ᠠᠰᠬᠠᠷᠠᠨ ᠣᠷᠣᠵᠤ᠂ ᠶᠠᠭ ᠯᠠ ᠨᠢᠭᠡ ᠬᠥᠮᠥᠨ ᠣ ᠡᠩᠭᠡᠰᠬᠡ ᠰᠠᠴᠤᠵᠤ᠂ ᠬᠡᠷᠡᠯ ᠭᠢᠯᠪᠠᠭ᠎ᠠ ᠪᠠᠨ | ᠰᠠᠴᠤᠷᠠᠭᠤᠯᠵᠤ᠂ ᠭᠤᠣᠯ ᠤᠨ ᠤᠰᠤ ᠶᠢ ᠤᠯᠠᠭᠠᠨ ᠢᠶᠠᠷ ᠪᠤᠳᠤᠭᠰᠠᠨ ᠲᠠᠢ ᠠᠳᠠᠯᠢ᠂ ᠬᠥᠮᠥᠰ ᠡᠨᠡ ᠣᠷᠴᠢᠮ ᠤᠨ ᠨᠠᠭᠤᠷ ᠤᠨ ᠥᠩᠭᠡ ᠦᠵᠡᠮᠵᠢ ᠶᠢ | ᠦᠵᠡᠰᠬᠦᠯᠡᠩᠲᠦ ᠰᠠᠶᠢᠬᠠᠨ ᠤᠰᠤ ᠭᠡᠵᠦ ᠨᠡᠷᠡᠯᠡᠭᠡᠳ᠂ ᠦᠨᠡᠬᠡᠷ ᠨᠡᠷ᠎ᠡ ᠨᠢᠳᠡᠷ ᠲᠡᠭᠡᠨ ᠨᠡᠶᠢᠴᠡᠭᠰᠡᠨ ᠪᠠᠶᠢᠨ᠎ᠠ᠃ ᠦᠵᠡᠰᠬᠦᠯᠡᠩᠲᠦ ᠰᠠᠶᠢᠬᠠᠨ ᠥᠩᠭᠡ ᠦᠵᠡᠮᠵᠢ ᠶᠢ | ᠰᠣᠨᠢᠷᠬᠠᠬᠤ ᠳᠤ ᠥᠨᠳᠥᠷ ᠲᠤ ᠠᠪᠠᠷᠢᠨ ᠠᠯᠤᠰ ᠢ ᠪᠠᠷᠠᠯᠠᠬᠤ ᠬᠡᠷᠡᠭᠲᠡᠢ᠂ ᠵᠢᠭᠤᠯᠴᠢᠳ ᠡᠭᠴᠡ ᠠᠰᠬ᠎ᠠ ᠴᠢᠯᠠᠭᠤᠨ ᠱᠠᠲᠤ ᠪᠠᠷ ᠳᠡᠭᠡᠭᠰᠢ ᠠᠪᠠᠷᠢᠨ᠂ ᠠᠭᠤᠯᠠᠨ | ᠣᠷᠭᠢᠯ ᠳᠤ ᠰᠦᠨᠳᠡᠷᠯᠡᠭᠰᠡᠨ ᠸᠠᠩ ᠵᠢᠩ ᠲᠢᠩ᠂ ᠰᠢᠤᠱᠦ᠋ᠢ ᠲᠢᠩ ᠳᠤ ᠠᠪᠠᠷᠢᠨ ᠭᠠᠷᠴᠤ᠂ ᠠᠮᠢᠰᠬᠤᠭᠠᠳᠠᠨ ᠠᠯᠤᠰ ᠢ ᠪᠠᠷᠠᠯᠠᠬᠤ ᠳᠤ ᠬᠤᠲᠠ ᠶᠢᠨ ᠲᠣᠭᠤᠷᠢᠭ ᠤᠨ | ᠪᠥᠬᠦ ᠪᠠᠶᠢᠳᠠᠯ ᠢ ᠴᠥᠮ ᠣᠯᠵᠤ ᠬᠠᠷᠠᠨ᠎ᠠ᠃ | | | | ᠬᠤᠲᠠ ᠶᠢᠨ ᠲᠣᠭᠤᠷᠢᠭ ᠠᠴᠠ ᠤᠮᠠᠷᠠᠰᠢᠬᠢ 8 ᠺᠢᠯᠣᠮᠧᠳ᠋ᠷ᠂ ᠸᠧ ᠨᠢᠦ ᠾᠧ ᠭᠤᠣᠯ ᠤᠨ ᠬᠥᠪᠡᠭᠡᠨ ᠳᠠᠬᠢ ᠰᠢᠤᠱᠦ᠋ᠢ ᠦᠵᠡᠮᠵᠢ ᠶᠢᠨ ᠣᠷᠣᠨ ᠳᠤ 3 ᠲᠦᠮᠡ | ᠭᠠᠷᠤᠢ ᠲᠡᠭᠰᠢ ᠳᠥᠷᠪᠡᠯᠵᠢᠨ ᠮᠧᠳ᠋ᠷ ᠲᠠᠯᠠᠪᠠᠶ ᠲᠠᠢ᠃ ᠡᠬᠢᠨ ᠳᠡᠭᠡᠨ ᠵᠠᠯᠠᠨ ᠠᠶᠢᠯ ᠤᠨ ᠢᠯᠴᠢ ᠶᠢᠨ ᠴᠠᠬᠢᠯᠭᠠᠨ ᠤ ᠦᠢᠯᠡᠳᠪᠦᠷᠢ ᠶᠢᠨ ᠨᠢᠭᠡᠨ ᠮᠠᠯᠵᠢᠯ ᠤᠨ ᠴᠡᠭ | ᠪᠠᠶᠢᠵᠠᠢ᠃ 1996 ᠣᠨ ᠳᠤ ᠯᠢᠩ ᠳ᠋ᠦᠩ ᠤᠨ ᠴᠠᠬᠢᠯᠭᠠᠨ ᠤ ᠦᠢᠯᠡᠰ ᠤᠨ ᠬᠤᠪᠢᠶᠠᠷᠢ ᠲᠣᠪᠴᠢᠶ᠎ᠠ ᠠᠴᠠ ᠪᠡᠯᠡ ᠣᠷᠣᠭᠤᠯᠤᠨ ᠪᠠᠶᠢᠭᠤᠯᠵᠤ᠂ 97 ᠣᠨ ᠤ | ᠰᠡᠭᠦᠯᠴᠢ ᠪᠠᠷ ᠬᠥᠬᠡᠬᠤᠲᠠ ᠠᠶᠢᠮᠠᠭ ᠤᠨ ᠴᠠᠬᠢᠯᠭᠠᠨ ᠤ ᠦᠢᠯᠡᠰ ᠤᠨ ᠲᠣᠪᠴᠢᠶ᠎ᠠ ᠶᠢᠨ ᠨᠢᠭᠡᠳᠦᠯᠲᠡᠢ ᠵᠣᠬᠢᠴᠠᠭᠤᠯᠭ᠎ᠠ ᠪᠠᠷ ᠳᠡᠮᠵᠢᠨ ᠯᠢᠩ ᠳ᠋ᠦᠩ ᠤᠨ ᠴᠠᠬᠢᠯᠭᠠᠨ ᠤ | ᠦᠢᠯᠡᠰ ᠤᠨ ᠬᠤᠪᠢᠶᠠᠷᠢ ᠲᠣᠪᠴᠢᠶ᠎ᠠ ᠶᠢᠨ ᠨᠢᠭᠡ ᠭᠡᠷ ᠤᠨ ᠬᠠᠮᠢᠶᠠᠷᠤᠯᠲᠠ ᠶᠢᠨ ᠪᠦᠲᠦᠭᠡᠨ ᠪᠠᠶᠢᠭᠤᠯᠤᠯᠲᠠ ᠳᠤ ᠬᠠᠷᠢᠶᠠᠯᠠᠭᠳᠠᠵᠤ᠂ ᠯᠢᠩ ᠳ᠋ᠦᠩ ᠤᠨ ᠬᠤᠪᠢᠶᠠᠷᠢ | ᠲᠣᠪᠴᠢᠶ᠎ᠠ ᠶᠢᠨ ᠬᠡᠳᠦᠨ ᠵᠢᠯ ᠤᠨ ᠬᠥᠭᠵᠢᠯᠲᠡ ᠶᠢᠨ ᠪᠦᠲᠦᠭᠡᠨ ᠪᠠᠶᠢᠭᠤᠯᠤᠯᠲᠠ ᠪᠠᠷ ᠳᠡᠮᠵᠢᠨ᠂ ᠣᠲᠣ ᠨᠢᠭᠡᠨᠲᠡ ᠠᠩᠬ᠎ᠠ ᠠᠯᠬᠤᠮ ᠬᠡᠪᠴᠢᠶᠡᠵᠢᠵᠦ᠂ ᠨᠡᠶᠢᠲᠡ | 700 ᠭᠠᠷᠤᠢ ᠲᠦᠮᠡᠨ ᠲᠥᠭᠦᠷᠢᠭ ᠤᠨ ᠠᠷᠠᠳ ᠤᠨ ᠵᠣᠭᠤᠰ ᠤᠨ ᠪᠡᠯᠡ ᠣᠷᠣᠭᠤᠯᠤᠯᠲᠠ ᠲᠠᠢ ᠪᠣᠯᠵᠠᠢ᠂ ᠠᠳᠡᠬᠢ ᠨᠢ ᠠᠭᠤᠯᠠ ᠶᠢ ᠲᠦᠰᠢᠵᠦ ᠤᠰᠤ ᠶᠢ ᠲᠦᠰᠢᠵᠦ | ᠂ ᠤᠨᠵᠢᠭᠢᠷ ᠪᠤᠷᠭᠠᠰᠤ ᠶᠢ ᠲᠦᠰᠢᠵᠦ᠂ ᠸᠧ ᠨᠢᠦ ᠭᠤᠣᠯ ᠤᠨ ᠤᠰᠤ ᠨᠢ ᠲᠣᠰᠬᠤᠨ ᠳᠤ ᠮᠤᠷᠤᠯᠵᠠᠨ ᠤᠷᠤᠰᠴᠤ᠂ ᠥᠩᠭᠡ ᠦᠵᠡᠮᠵᠢ ᠨᠢ ᠮᠠᠰᠢ ᠲᠠᠭᠠᠯᠠᠮᠵᠢᠲᠠᠢ | ᠪᠠᠶᠢᠵᠤ᠂ ᠵᠣᠨ ᠤ ᠤᠯᠠᠷᠢᠯ ᠤᠨ ᠬᠠᠯᠠᠭᠤᠨ ᠢ ᠠᠷᠢᠯᠭᠠᠵᠤ ᠰᠡᠷᠢᠭᠦᠨ ᠢ ᠲᠠᠲᠠᠬᠤ᠂ ᠵᠤᠭᠠᠴᠠᠨ ᠠᠮᠠᠷᠠᠬᠤ ᠶᠢᠨ ᠰᠠᠶᠢᠨ ᠭᠠᠵᠠᠷ ᠪᠣᠯᠵᠠᠢ᠃ | | | | ᠵᠤᠰᠠᠯᠠᠩ ᠤᠨ ᠳᠣᠲᠣᠷ᠎ᠠ ᠣᠷᠣᠰ ᠮᠠᠶ᠋ᠢᠭ ᠤᠨ᠂ ᠡᠸᠦ᠋ᠷᠦᠫᠡ ᠮᠠᠶ᠋ᠢᠭ ᠤᠨ 8 ᠪᠠᠷᠢᠯᠭ᠎ᠠ ᠲᠠᠢ᠃ ᠵᠡᠭᠦᠨ ᠬᠤᠶᠢᠲᠤ ᠶᠢᠨ ᠬᠡᠪ ᠨᠠᠮᠪᠠ ᠲᠠᠢ ᠪᠠᠷᠢᠯᠭ᠎ᠠ 3᠂ ᠲᠠᠯ᠎ᠠ | ᠨᠤᠲᠤᠭ ᠤᠨ ᠬᠡᠪ ᠨᠠᠮᠪᠠ ᠲᠠᠢ ᠮᠣᠩᠭᠤᠯ ᠭᠡᠷ 5 ᠪᠤᠶ᠃ ᠴᠢᠳᠠᠮᠵᠢ ᠪᠦᠷᠢᠨ ᠵᠤᠰᠠᠯᠠᠩ ᠤᠨ ᠭᠠᠵᠠᠷ 2᠂ 400 ᠲᠡᠭᠰᠢ ᠳᠥᠷᠪᠡᠯᠵᠢᠨ ᠮᠧᠳ᠋ᠷ ᠤᠨ ᠴᠡᠴᠡᠭ ᠤᠨ | ᠤᠭᠤᠷᠬᠠᠶ 1 ᠰᠠᠭᠤᠷᠢ᠂ ᠬᠥᠮᠥᠨ ᠤ ᠬᠦᠴᠦ ᠪᠠᠷ ᠵᠢᠭᠠᠰᠤ ᠲᠡᠵᠢᠭᠡᠬᠦ ᠴᠥᠭᠦᠷᠥᠮ 7 ᠲᠦᠮᠡ ᠭᠠᠷᠤᠢ ᠲᠡᠭᠰᠢ ᠳᠥᠷᠪᠡᠯᠵᠢᠨ ᠮᠧᠳ᠋ᠷ᠂ ᠪᠠᠶᠢᠭᠠᠯᠢ ᠶᠢᠨ ᠭᠤᠣᠯ ᠤᠨ | ᠤᠰᠤᠨ ᠤ ᠤᠮᠪᠠᠯᠲᠠ ᠶᠢᠨ ᠭᠠᠵᠠᠷ 2000 ᠭᠠᠷᠤᠢ ᠲᠡᠭᠰᠢ ᠳᠥᠷᠪᠡᠯᠵᠢᠨ ᠮᠧᠳ᠋ᠷ ᠪᠠᠶᠢᠵᠤ᠂ ᠪᠠᠰᠠ 4000 ᠲᠡᠭᠰᠢ ᠳᠥᠷᠪᠡᠯᠵᠢᠨ ᠮᠧᠳ᠋ᠷ ᠲᠠᠯᠠᠪᠠᠶ ᠲᠠᠢ | ᠲᠠᠷᠢᠶᠠᠴᠢᠨ ᠠᠶᠢᠯ ᠤᠨ ᠳᠠᠷᠢᠵᠤ ᠲᠡᠵᠢᠭᠡᠬᠦ ᠬᠦᠷᠢᠶᠡᠯᠡᠩ᠂ 1000 ᠲᠡᠭᠰᠢ ᠳᠥᠷᠪᠡᠯᠵᠢᠨ ᠮᠧᠳ᠋ᠷ ᠤᠨ ᠵᠣᠴᠢᠳ ᠤᠨ ᠪᠠᠭᠤᠳᠠᠯ 1 ᠪᠠᠶᠢᠵᠤ᠂ ᠰᠢᠤᠱᠦ᠋ᠢ | ᠵᠤᠰᠠᠯᠠᠩ ᠤᠨ ᠵᠤᠭᠠᠴᠠᠨ ᠲᠣᠭᠤᠷᠢᠬᠤ ᠠᠷᠠᠳ ᠤᠨ ᠵᠠᠩ ᠦᠢᠯᠡ ᠶᠢᠨ ᠣᠷᠣᠨ᠂ ᠵᠤᠭ᠎ᠠ ᠴᠡᠩᠭᠡᠯ ᠤᠨ ᠣᠷᠣᠨ᠂ ᠵᠤᠭᠠᠴᠠᠯ ᠠᠮᠠᠷᠠᠯᠲᠠ ᠶᠢᠨ ᠣᠷᠣᠨ᠂ ᠬᠥᠳᠡᠭᠡ | ᠨᠤᠲᠤᠭ ᠤᠨ ᠥᠩᠭᠡ ᠦᠵᠡᠮᠵᠢ ᠶᠢᠨ ᠵᠤᠭᠠᠴᠠᠯ ᠤᠨ ᠣᠷᠣᠨ ᠵᠡᠷᠭᠡ ᠶᠡᠷᠦᠩᠬᠡᠶᠢᠯᠡᠭᠰᠡᠨ ᠵᠤᠭᠠᠴᠠᠨ ᠰᠡᠯᠡᠭᠦᠴᠡᠬᠦ ᠦᠵᠡᠮᠵᠢᠲᠦ ᠣᠷᠣᠨ ᠢ ᠪᠦᠷᠢᠯᠳᠦᠭᠦᠯᠵᠦ᠂ | ᠵᠤᠰᠠᠯᠠᠩ ᠳᠤ 600 ᠬᠥᠮᠥᠨ ᠤ ᠬᠤᠭᠤᠯᠠ ᠢᠳᠡᠬᠦ᠂ 120 ᠬᠥᠮᠥᠨ ᠤ ᠬᠤᠨᠣᠵᠤ ᠬᠡᠪᠲᠡᠬᠦ ᠪᠠ ᠬᠤᠷᠠᠯ ᠬᠢᠬᠦ ᠵᠡᠷᠭᠡ ᠨᠢᠭᠡ ᠯᠡ ᠤᠳᠠᠭ᠎ᠠ ᠳᠤ ᠬᠦᠯᠢᠶᠡᠨ ᠠᠪᠬᠤ | ᠴᠢᠳᠠᠮᠵᠢ ᠲᠠᠢ ᠪᠠᠶᠢᠳᠠᠭ᠃ ᠵᠤᠭᠠᠴᠠᠭᠰᠠᠳ ᠪᠠᠰᠠ ᠠᠭᠤᠯᠠᠨ ᠳᠤ ᠭᠠᠷᠬᠤ ᠶᠡᠨᠳᠡᠷ ᠢᠶᠠᠷ 200 ᠭᠠᠷᠤᠢ ᠮᠧᠳ᠋ᠷ ᠥᠨᠳᠥᠷ ᠸᠧᠨᠢᠤ ᠠᠭᠤᠯᠠᠨ ᠳᠤ ᠠᠪᠠᠷᠢᠨ ᠭᠠᠷᠴᠤ | ᠦᠵᠡᠰᠬᠦᠯᠡᠩᠲᠦ ᠰᠠᠶᠢᠬᠠᠨ ᠦᠵᠡᠮᠵᠢ ᠶᠢ ᠰᠣᠨᠢᠷᠬᠠᠵᠤ ᠪᠣᠯᠬᠤ ᠪᠥᠭᠡᠳ ᠬᠦᠬᠡ ᠮᠣᠳᠣ ᠪᠠᠷ ᠬᠦᠷᠢᠶᠡᠯᠡᠭᠳᠡᠭᠰᠡᠨ ᠵᠠᠯᠠᠨ ᠠᠶᠢᠯ ᠬᠤᠲᠠ ᠶᠢᠨ ᠲᠣᠭᠤᠷᠢᠭ ᠢ ᠰᠣᠨᠢᠷᠬᠠᠵᠤ | ᠪᠣᠯᠣᠨ᠎ᠠ᠃ ᠠᠳᠡ ᠬᠤᠨᠣᠪᠠᠯ ᠵᠤᠨ ᠤ ᠬᠠᠯᠠᠭᠤᠨ ᠤ ᠭᠠᠵᠠᠷ ᠤᠨ ᠰᠡᠷᠢᠭᠦᠬᠡᠨ ᠰᠡᠷᠢᠭᠦᠬᠡᠨ ᠪᠠᠶᠢᠬᠤ ᠶᠢ ᠣᠯᠵᠤ ᠮᠡᠳᠡᠬᠦ ᠶᠢᠨ ᠬᠠᠮᠲᠤ ᠪᠠᠰᠠ ᠮᠣᠩᠭᠤᠯ | ᠦᠨᠳᠦᠰᠦᠲᠡᠨ ᠤ ᠵᠠᠩ ᠦᠢᠯᠡ ᠶᠢᠨ ᠠᠷᠢᠬᠢ ᠪᠠᠷᠢᠬᠤ᠂ ᠬᠠᠳᠠᠭ ᠪᠠᠷᠢᠬᠤ᠂ ᠴᠢᠨᠠᠭᠰᠠᠨ ᠮᠢᠬ᠎ᠠ ᠶᠢ ᠠᠮᠲᠠᠯᠠᠬᠤ ᠪᠠ ᠲᠠᠷᠢᠶᠠᠴᠢᠨ ᠠᠶᠢᠯ ᠤᠨ ᠦᠨᠦᠷ ᠠᠮᠲᠠ ᠶᠢ | ᠠᠮᠲᠠᠯᠠᠬᠤ ︽ᠭᠤᠷᠪᠠ ᠶᠢ ᠬᠠᠭᠠᠷᠢᠬᠤ︾ ᠶᠢ ᠪᠡᠶ᠎ᠡ ᠪᠠᠷ ᠢᠶᠠᠨ ᠥᠩᠭᠡᠷᠡᠭᠦᠯᠵᠦ ᠪᠣᠯᠣᠨ᠎ᠠ᠃ | 2002 ᠣᠨ ᠤ ᠰᠡᠭᠦᠯᠴᠢ ᠪᠠᠷ᠂ ᠤᠯᠤᠰ ᠤᠨ ᠵᠢᠭᠤᠯᠴᠢᠯᠠᠯ ᠤᠨ ᠲᠣᠪᠴᠢᠶ᠎ᠠ ᠶᠢᠨ ᠵᠥᠪᠰᠢᠶᠡᠷᠡᠯ ᠢᠶᠠᠷ ᠰᠢᠤᠱᠦ᠋ᠢ ᠠᠭᠤᠯᠠᠨ ᠲᠣᠰᠬᠤᠨ ᠨᠢ ᠤᠯᠤᠰ ᠤᠨ 3A | ᠳᠡᠰ ᠤᠨ ᠵᠢᠭᠤᠯᠴᠢᠯᠠᠯ ᠤᠨ ᠣᠷᠣᠨ ᠪᠣᠯᠵᠤ ᠳᠡᠪᠰᠢᠪᠡ᠃ |