ᠴᠡᠴᠡᠭ ᠬᠦᠷᠭᠡᠬᠦ ᠶᠢᠨ ᠣᠴᠢᠷ
ᠨᠡᠶᠢᠲᠡᠯᠡᠭᠰᠡᠨ ᠴᠠᠭ᠄
2025/6/26
    ᠬᠤᠩᠭᠤᠷᠵᠤᠯᠠ — ᠡᠷᠡᠭᠲᠡᠢ ᠬᠦᠮᠦᠨ ᠳᠤ ᠪᠡᠯᠡᠭᠯᠡᠬᠦ ᠳᠤ ᠲᠣᠬᠢᠷᠠᠮᠵᠢᠲᠠᠢ᠃     ᠠᠷᠰᠢ ᠶᠢᠨ ᠠᠯᠠᠭ᠎ᠠ — ᠬᠦᠮᠦᠨ ᠳᠤ ᠪᠡᠯᠡᠭᠯᠡᠳᠡᠭ ᠦᠭᠡᠢ᠃     ᠵᠢᠭᠠᠷ ᠡᠪᠡᠰᠦ — ᠨᠠᠶᠢᠵᠠ ᠪᠦᠰᠡᠭᠦᠢ ᠳᠡᠭᠡᠨ ᠪᠡᠯᠡᠭᠯᠡᠬᠦ ᠳᠤ ᠲᠣᠬᠢᠷᠠᠮᠵᠢᠲᠠᠢ᠂ ᠠᠩᠬᠠᠨ ᠤ ᠪᠣᠯᠵᠤᠭᠠᠨ ᠳᠤ ᠪᠠᠷᠢᠬᠤ ᠴᠡᠴᠡᠭ᠃     ᠤᠳᠪᠠᠯᠠ — ᠬᠦᠨᠳᠦᠳᠭᠡᠯ ᠢ ᠢᠯᠡᠷᠬᠡᠶᠢᠯᠡᠳᠡᠭ᠂ ᠠᠯᠪᠠᠨ ᠵᠣᠷᠢᠭᠤᠯᠤᠯᠲᠠ ᠲᠠᠢ᠃     ᠭᠤᠣᠯᠲᠤ ᠪᠣᠷᠤ ᠶᠢᠨ ᠴᠡᠴᠡᠭ — ᠠᠩᠬᠠᠨ ᠤ ᠤᠴᠠᠷᠠᠯ ᠳᠤ ᠪᠡᠯᠡᠭᠯᠡᠪᠡᠯ ᠲᠤᠩ ᠲᠣᠬᠢᠷᠠᠮᠵᠢᠲᠠᠢ᠂ ᠭᠭᠢᠷ ᠦᠭᠡᠢ ᠠᠷᠢᠭᠤᠨ ᠰᠡᠳᠭᠢᠯ ᠤᠨ ᠪᠡᠯᠭᠡᠳᠡᠯ ᠪᠣᠯᠳᠠᠭ᠃     ᠰᠠᠷᠠᠨᠠᠢ ᠴᠡᠴᠡᠭ — ᠬᠦᠨᠳᠦᠳᠭᠡᠯ ᠤᠨ ᠴᠡᠴᠡᠭ᠂ ᠱᠠᠩᠨᠠᠯ ᠠᠪᠤᠭᠰᠠᠨ ᠬᠦᠮᠦᠨ ᠳᠤ ᠬᠠᠰ ᠬᠠᠳᠬᠤᠭᠤᠷ ᠴᠡᠴᠡᠭ ᠲᠠᠢ ᠬᠠᠮᠲᠤ ᠪᠠᠭᠯᠠᠵᠤ ᠦᠭᠳᠡᠭ᠃     ᠰᠢᠷ᠎ᠠ ᠰᠠᠷᠭᠠᠢ — ᠤᠶᠤᠨ ᠤᠬᠠᠭᠠᠨ ᠢ ᠢᠯᠡᠷᠬᠡᠶᠢᠯᠡᠳᠡᠭ᠃ ᠪᠠᠭᠰᠢ ᠳᠠᠭᠠᠨ ᠦᠭᠬᠦ ᠳᠤ ᠬᠡᠷᠡᠭᠯᠡᠳᠡᠭ᠂ ᠰᠢᠷ᠎ᠠ ᠰᠠᠷᠭᠠᠢ ᠶᠢ ᠬᠠᠶᠢᠷᠠᠲᠠᠢ ᠪᠦᠰᠡᠭᠦᠢ ᠳᠡᠭᠡᠨ ᠦᠭᠳᠡᠭ ᠦᠭᠡᠢ᠂ ᠤᠴᠢᠷ ᠨᠢ ᠰᠠᠯᠵᠤ ᠬᠠᠭᠠᠴᠠᠬᠤ ᠤᠴᠢᠷ ᠲᠠᠢ᠃     ᠤᠯᠠᠭᠠᠨ ᠰᠠᠷᠭᠠᠢ — ᠨᠢᠭᠡ ᠰᠢᠷᠬᠡᠭ ᠨᠢ ᠬᠠᠶᠢᠷ᠎ᠠ ᠰᠡᠳᠭᠢᠯ ᠤᠨ ᠪᠡᠯᠭᠡ ᠲᠡᠮᠳᠡᠭ᠂ ᠬᠠᠷᠢᠨ ᠣᠯᠠᠨ ᠰᠢᠷᠬᠡᠭ ᠢ ᠪᠡᠯᠡᠭᠯᠡᠬᠦ ᠨᠢ ᠬᠦᠨᠳᠦᠳᠭᠡᠯ ᠤᠨ ᠢᠯᠡᠷᠡᠯ᠂ ᠭᠤᠷᠪᠠᠨ ᠤᠯᠠᠭᠠᠨ ᠰᠠᠷᠭᠠᠢ ᠨᠢ ᠬᠠᠶᠢᠷ᠎ᠠ ᠬᠦᠨᠳᠦᠳᠭᠡᠯ᠂ ᠮᠦᠩᠬᠡ ᠶᠢᠨ ᠵᠠᠯᠠᠭᠤ ᠨᠠᠰᠤ ᠶᠢ ᠪᠡᠯᠭᠡᠳᠡᠳᠡᠭ᠃     ᠴᠠᠭᠠᠨ ᠰᠠᠷᠭᠠᠢ — ᠡᠷᠡᠭᠦᠯ ᠮᠡᠨᠳᠦ ᠶᠢ ᠪᠡᠯᠭᠡᠳᠡᠳᠡᠭ᠃ ᠮᠦᠨ ᠬᠤᠷᠢᠮ ᠳᠤ ᠶᠠᠭᠠᠨ ᠰᠠᠷᠭᠠᠢ ᠲᠠᠢ ᠬᠠᠮᠲᠤ ᠬᠡᠷᠡᠭᠯᠡᠳᠡᠭ᠂ ᠲᠠᠩ ᠢᠶᠠᠷ ᠴᠦ ᠪᠠᠶᠢᠵᠤ ᠪᠣᠯᠣᠨ᠎ᠠ᠃     ᠬᠡᠯᠡᠭᠡᠢ ᠰᠠᠷᠠᠨ᠎ᠠ — ᠡᠶ᠎ᠡ ᠡᠪ ᠲᠠᠢ᠂ ᠵᠤᠯ ᠵᠢᠷᠭᠠᠯ ᠲᠠᠢ ᠭᠡᠷ ᠪᠦᠯᠢ ᠶᠢ ᠲᠦᠯᠦᠭᠡᠯᠡᠳᠡᠭ ᠤᠴᠢᠷ ᠠᠴᠠ ᠬᠤᠷᠢᠮ ᠤᠨ ᠰᠢᠨ᠎ᠠ ᠬᠤᠣᠰ ᠲᠤ ᠬᠦᠷᠬᠡᠭᠦ ᠳᠤ ᠮᠠᠰᠢ ᠲᠣᠬᠢᠷᠠᠮᠵᠢᠲᠠᠢ᠃     ᠠᠯᠲᠠᠨ ᠵᠤᠯᠠ ᠴᠡᠴᠡᠭ — ᠲᠦᠪ ᠶᠡᠬᠡᠮᠰᠦᠭ᠂ ᠦᠷᠦᠰᠢᠶᠡᠯ ᠡᠨᠡᠷᠢᠯ᠂ ᠨᠡᠷ᠎ᠡ ᠬᠦᠨᠳᠦ᠂ ᠦᠨᠢ ᠡᠭᠦᠷᠢᠳᠡ ᠵᠡᠷᠭᠡ ᠶᠢ ᠲᠦᠯᠦᠭᠡᠯᠡᠵᠦ᠂ ᠠᠮᠵᠢᠯᠲᠠ ᠶᠢ ᠪᠡᠯᠭᠡᠯᠡᠵᠦ ᠬᠦᠷᠭᠡᠬᠦ ᠳᠤ ᠲᠣᠬᠢᠷᠠᠮᠵᠢᠲᠠᠢ᠃     ᠬᠡᠯᠲᠡᠭᠡᠢ ᠴᠡᠴᠡᠭ — ᠰᠡᠳᠭᠢᠯ ᠳᠤ ᠬᠦᠰᠢᠭᠡᠯᠡᠭᠰᠡᠨ ᠭᠤᠨᠢᠭ ᠵᠤᠪᠠᠯ ᠢᠶᠠᠨ ᠮᠠᠷᠲᠠᠵᠤ᠂ ᠰᠢᠨ᠎ᠡ ᠠᠮᠢᠳᠤᠷᠠᠯ ᠢᠶᠠᠨ ᠡᠬᠢᠯᠡᠭᠦᠯᠬᠦ ᠤᠳᠭ᠎ᠠ ᠶᠢ ᠢᠯᠡᠳᠭᠡᠨ᠎ᠡ᠃     ᠲᠡᠷᠢᠭᠦᠯᠡᠭᠴᠢ ᠴᠡᠴᠡᠭ — ᠴᠡᠪᠡᠷ ᠠᠷᠢᠭᠤᠨ᠂ ᠡᠷᠡᠰ ᠵᠣᠷᠢᠭ ᠢ ᠢᠯᠡᠳᠭᠡᠵᠦ᠂ ᠠᠬᠠᠮᠠᠳ ᠲᠣᠮᠣᠭᠠᠲᠠᠳ ᠲᠤ ᠬᠦᠷᠬᠡᠬᠦ ᠳᠤ ᠲᠣᠬᠢᠷᠠᠮᠵᠢᠲᠠᠢ᠃     ᠴᠠᠩᠬᠤᠢ ᠴᠡᠴᠡᠭ — ᠵᠣᠷᠢᠭ ᠲᠠᠢ ᠪᠠᠢ᠂ ᠴᠢᠩᠭᠠᠯᠠᠭᠠᠷᠠᠢ ᠭᠡᠬᠦ ᠤᠳᠭ᠎ᠠ ᠲᠠᠢ᠂ ᠡᠪᠡᠳᠴᠢᠲᠡᠨ ᠳᠤ ᠬᠦᠷᠭᠡᠬᠦ ᠳᠤ ᠲᠣᠬᠢᠷᠠᠮᠵᠢᠲᠠᠢ᠃     ᠮᠠᠨᠳᠠᠷᠠᠸ᠎ᠠ ᠴᠡᠴᠡᠭ — ᠪᠠᠶᠠᠨ ᠡᠷᠬᠢᠮᠰᠦᠭ ᠤᠨ ᠪᠡᠯᠭᠡᠳᠡᠯ ᠪᠣᠯᠳᠠᠭ ᠴᠦ ᠬᠦᠮᠦᠨ ᠳᠤ ᠪᠡᠯᠡᠭᠯᠡᠬᠦ ᠳᠤ ᠲᠣᠬᠢᠷᠠᠮᠵᠢ ᠦᠭᠡᠢ᠂ ᠬᠠᠷᠢᠨ ᠠᠵᠢᠯ ᠦᠢᠯᠡᠰ ᠡᠷᠬᠢᠯᠡᠵᠦ ᠡᠭᠦᠳᠡ ᠡᠷᠦᠬᠡ ᠰᠡᠬᠦᠭᠰᠡᠨ ᠦᠯᠵᠡᠶᠢᠲᠦ ᠪᠠᠶᠠᠷ ᠢ ᠪᠡᠯᠭᠡᠯᠡᠬᠦ ᠳᠤ ᠲᠣᠬᠢᠷᠠᠨ᠎ᠠ᠃
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ