ᠠᠳᠤᠭᠤ ᠶᠢ ᠳᠡᠯᠯᠡᠬᠦ ᠶᠣᠰᠣ
ᠨᠡᠶᠢᠲᠡᠯᠡᠭᠰᠡᠨ ᠴᠠᠭ᠄
2025/6/26
    ᠠᠳᠤᠭᠤ ᠶᠢ ᠳᠡᠯᠯᠡᠬᠦ ᠨᠢ ᠠᠳᠤᠭᠤᠨ ᠤ ᠬᠦᠵᠦᠭᠦᠨ ᠤ ᠰᠦᠯᠳᠡᠨ ᠳᠤ ᠤᠷᠭᠤᠭᠰᠠᠨ ᠤᠷᠲᠤ ᠬᠢᠯᠭᠠᠰᠤ ᠶᠢ ᠬᠢᠷᠭᠠᠵᠤ ᠠᠪᠬᠤ ᠦᠶ᠋ᠯᠡ ᠶᠠᠪᠤᠴᠠ ᠶᠠᠭᠤᠮ᠎ᠠ᠃ ᠡᠨᠡ ᠶᠣᠰᠣ ᠶᠢ ᠵᠥᠪᠬᠡᠨ ᠮᠣᠩᠭᠤᠯᠴᠤᠳ ᠬᠢᠳᠡᠭ ᠪᠥᠭᠡᠳ ᠲᠡᠷᠡᠭᠠᠬᠢ ᠲᠡᠰ ᠳᠠᠷᠠᠭᠠᠯᠠᠯ ᠢᠶᠠᠷ ᠬᠢᠨ᠎ᠡ᠃     ᠠᠳᠤᠭᠤ ᠶᠢ ᠤᠨᠠᠭᠠᠵᠤ᠂ ᠬᠦᠵᠦᠭᠦᠦ ᠶᠢ ᠨᠢ ᠪᠠᠷᠢᠨ᠎ᠠ᠃     ᠬᠢᠷᠭᠠᠰᠤᠨ ᠤ ᠤᠭ ᠢ ᠬᠥᠪᠡᠭᠡᠳᠡᠭᠡᠳ ᠬᠠᠶᠢᠴᠢᠯᠠᠨ᠎ᠠ᠃     ᠬᠠᠶᠢᠴᠢᠯᠠᠭᠰᠠᠨ ᠬᠢᠯᠭᠠᠰᠤ ᠶᠢ ᠨᠢᠭᠡ ᠤᠳᠠᠭ᠎ᠠ ᠯᠡ ᠠᠪᠤᠨ᠎ᠠ᠃ ᠳᠠᠬᠢᠨ ᠳᠠᠪᠲᠠᠵᠤ ᠪᠣᠯᠬᠤ ᠦᠭᠡᠢ᠃     ᠬᠢᠯᠭᠠᠰᠤ ᠶᠢ ᠬᠠᠶᠢᠴᠢᠯᠠᠭᠰᠠᠨ ᠤ ᠳᠠᠷᠠᠭ᠎ᠠ ᠠᠳᠤᠭᠤ ᠶᠢ ᠲᠠᠮᠠᠭᠠᠯᠠᠨ᠂ ᠪᠠᠲᠤ ᠣᠷᠣᠰᠢᠨ᠎ᠠ ᠬᠡᠮᠡᠨ ᠢᠷᠦᠭᠡᠳᠡᠭ᠃     ᠠᠳᠤᠭᠤᠨ ᠤ ᠬᠢᠯᠭᠠᠰᠤ ᠶᠢ 2.4.6 ᠨᠠᠰᠤᠨ ᠳᠤ ᠨᠢ ᠠᠪᠳᠠᠭ ᠪᠥᠭᠡᠳ ᠡᠨᠡ ᠨᠢ ᠠᠳᠤᠭᠤᠨ ᠤ ᠡᠷᠡᠭᠦᠯ ᠮᠡᠨᠳᠦ ᠳᠤ ᠰᠠᠶᠢᠨ ᠢᠶᠠᠷ ᠨᠥᠯᠥᠭᠡᠯᠡᠵᠦ᠂ ᠰᠦᠷᠦᠭ ᠤᠨ ᠦᠵᠡᠮᠵᠢ ᠶᠢ ᠰᠠᠶᠢᠵᠢᠷᠠᠭᠤᠯᠳᠠᠭ ᠭᠡᠵᠦ ᠦᠵᠡᠳᠡᠭ᠃ ᠮᠦᠠ ᠠᠳᠤᠭᠤᠨ ᠤ ᠬᠢᠯᠭᠠᠰᠤ ᠪᠠᠷ ᠳᠡᠭᠡᠰᠦ᠂ ᠪᠦᠴᠡ᠂ ᠮᠤᠷᠢᠨ ᠬᠤᠭᠤᠷ ᠤᠨ ᠤᠲᠠᠰᠤ ᠵᠡᠷᠭᠡ ᠶᠢ ᠬᠢᠬᠦ ᠳᠤ ᠠᠰᠢᠭᠯᠠᠳᠠᠭ᠃
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ