ᠰᠠᠶᠢᠨ ᠲᠠᠷᠪᠤᠰ ᠴᠤᠬᠤᠮ ᠶᠠᠮᠠᠷ ᠳᠠᠭᠤ ᠭᠠᠷᠳᠠᠭ ᠪᠤᠢ︖ ᠲᠠᠨ ᠳᠤ ᠠᠮᠳᠠᠳᠠᠢ ᠲᠠᠷᠪᠤᠰ ᠰᠤᠩᠭᠤᠬᠤ ᠭᠤᠷᠪᠠᠨ ᠠᠷᠭ᠎ᠠ ᠵᠢᠭᠠᠵᠤ ᠥᠭᠬᠦᠶ᠎ᠡ
ᠨᠡᠶᠢᠲᠡᠯᠡᠭᠰᠡᠨ ᠴᠠᠭ᠄
2025/6/27
    ᠠᠭᠠᠭᠢᠮ᠎ᠠ ᠬᠠᠯᠠᠭᠤᠨ ᠵᠤᠨ ᠤ ᠡᠳᠦᠷ᠂ ᠬᠠᠯᠠᠭᠤᠨ ᠢ ᠲᠠᠷᠤᠬᠤ ᠵᠢᠮᠢᠰ ᠲᠤ ᠲᠠᠷᠪᠤᠰ ᠳᠤᠲᠠᠵᠤ ᠪᠣᠯᠬᠤ ᠦᠭᠡᠢ᠃ ᠭᠡᠪᠡᠴᠦ ᠶᠠᠭᠠᠬᠢᠪᠠᠯ ᠰᠠᠶ᠋ᠢ ᠠᠮᠳᠠᠳᠠᠢ ᠲᠠᠷᠪᠤᠰ ᠬᠤᠳᠠᠯᠳᠤᠨ ᠠᠪᠴᠤ ᠴᠢᠳᠠᠬᠤ ᠪᠤᠢ︖ ᠳᠦᠷᠰᠦ ᠰᠢᠩᠭᠡᠭᠡᠯᠲᠡ ᠶᠢ ᠦᠵᠡᠭᠡᠷᠡᠢ᠃     ᠨᠢᠭᠡ ᠳᠤ ᠠᠵᠢᠬᠯᠠᠵᠤ ᠦᠵᠡ᠄ ᠪᠣᠯᠪᠠᠰᠤᠷᠠᠭᠰᠠᠨ ᠲᠠᠷᠪᠤᠰ ᠤᠨ ᠭᠠᠵᠠᠷ ᠬᠦᠷᠦᠭᠰᠡᠨ ᠬᠡᠰᠡᠭ ᠨᠢ ᠰᠢᠷᠠᠯᠠᠵᠤ᠂ ᠰᠢᠷ᠎ᠠ ᠦᠡᠭᠭᠡ ᠲᠠᠢ ᠪᠠᠶᠢᠳᠠᠭ᠃     ᠬᠤᠶᠠᠷ ᠲᠤ ᠲᠤᠬᠰᠢᠵᠦ ᠦᠵᠡ᠄ ᠪᠣᠯᠪᠠᠰᠤᠷᠠᠭᠰᠠᠨ ᠲᠠᠷᠪᠤᠰ ᠢ ᠲᠤᠬᠰᠢᠵᠦ ᠦᠵᠡᠬᠦ ᠳᠤ᠂ ᠶᠠᠭ ᠬᠡᠩᠭᠡᠷᠭᠡ ᠶᠢᠨ ᠳᠠᠭᠤᠨ ᠰᠢᠭ ᠬᠦᠡᠭᠬᠢᠨᠡᠮ᠎ᠡ ᠲᠠᠭᠤᠨ ᠭᠠᠷᠴᠤ᠂ ᠪᠠᠭ᠎ᠠ ᠳᠣᠷᠭᠢᠵᠦ ᠲᠤᠣᠭᠠᠷᠳᠠᠭ᠃     ᠭᠤᠷᠪᠠ ᠳᠤ ᠠᠳᠠᠯᠢᠳᠬᠠᠵᠤ ᠦᠵᠡ᠄ ᠲᠦᠭᠦᠬᠡᠶ ᠲᠠᠷᠪᠤᠰ ᠪᠤᠯ ᠨᠠᠷᠢᠨ ᠵᠢᠷᠤᠭᠠᠰᠤ ᠲᠠᠢ᠂ ᠵᠢᠷᠤᠭᠠᠰᠤ ᠨᠢ ᠠᠰᠬᠠᠨ ᠮᠥᠷᠲᠡᠭᠡᠨ ᠨᠠᠷᠢᠨ ᠪᠠᠶᠢᠳᠠᠭ︔ ᠪᠣᠯᠪᠠᠰᠤᠷᠠᠭᠰᠠᠨ ᠲᠠᠷᠪᠤᠰ ᠤᠨ ᠨᠠᠷᠢᠨ ᠵᠢᠷᠤᠭᠠᠰᠤ ᠨᠢ ᠬᠠᠳᠠᠭᠠᠰᠤ ᠰᠢᠭ᠋ ︽ᠲᠣᠨᠣᠯᠵᠢᠨ ᠭᠡ︾ ᠲᠠᠢ ᠪᠠᠶᠢᠳᠠᠭ᠃
ᠢᠷᠡᠯᠲᠡ᠄ ᠠᠷᠠᠳ ᠤᠨ ᠰᠦᠯᠵᠢᠶ᠎ᠡ