ᠡᠨᠡ ᠬᠡᠯᠪᠡᠷᠢ ᠪᠠᠶᠢᠳᠠᠯ ᠢᠶᠠᠷ ᠤᠨᠳᠠᠪᠠᠯ ᠡᠷᠳᠡ ᠤᠷᠤᠢ ᠦᠭᠡᠢ ᠪᠠᠭᠠᠨ᠎ᠠ ᠨᠢᠷᠤᠭᠤ ᠴᠢᠨᠢ ᠠᠰᠠᠭᠤᠳᠠᠯ ᠭᠠᠷᠤᠨ᠎ᠠ︕
ᠨᠡᠶᠢᠲᠡᠯᠡᠭᠰᠡᠨ ᠴᠠᠭ᠄
2025/6/27
    ᠲᠠ ᠬᠡᠪᠲᠡᠬᠦ ᠲᠤᠲᠤᠮ ᠶᠠᠳᠠᠷᠠᠵᠤ᠂ ᠤᠨᠲᠠᠬᠤ ᠲᠤᠲᠤᠮ ᠪᠡᠶ᠎ᠡ ᠴᠢᠨᠢ ᠵᠣᠪᠠᠵᠤ᠂ ᠴᠢᠨᠠᠭᠰᠢᠯᠠᠪᠠᠯ ᠤᠨᠲᠠᠭᠠᠳ ᠰᠠᠷᠢᠪᠡᠯ ᠨᠢᠷᠤᠭᠤ ᠴᠢᠨᠢ ᠱᠠᠷᠬᠢᠷᠠᠵᠤ ᠡᠪᠡᠳᠬᠦ ᠪᠠᠶᠢᠳᠠᠯ ᠭᠠᠷᠳᠠᠭ ᠦᠦ︖ ᠤᠨᠲᠠᠬᠤ ᠨᠢ ᠦᠨᠡᠨ ᠳᠡᠭᠡᠨ ᠪᠡᠶ᠎ᠡ ᠮᠠᠬᠠᠪᠣᠳ ᠤᠨ ᠴᠢᠨᠢ ᠴᠢᠯᠡᠭᠡ ᠶᠢ ᠲᠠᠶᠢᠯᠵᠦ ᠰᠡᠷᠭᠦᠭᠡᠳᠡᠭ᠂ ᠶᠠᠭᠠᠬᠢᠭᠠᠳ ᠣᠯᠠᠩᠬᠢ ᠬᠥᠮᠦᠨ ᠤᠨᠲᠠᠵᠤ ᠰᠡᠷᠡᠭᠡᠳ ᠪᠠᠰᠠ ᠪᠡᠶ᠎ᠡ ᠨᠢ ᠨᠠᠩ ᠵᠣᠪᠠᠵᠤ ᠪᠠᠶᠢᠳᠠᠭ ᠪᠣᠶ︖ ᠡᠨᠡ ᠨᠢ ᠪᠠᠷᠤᠭ ᠤᠨᠲᠠᠬᠤ ᠬᠡᠯᠪᠡᠷᠢ ᠪᠠᠶᠢᠳᠠᠯ ᠳᠤᠨᠢ ᠠᠰᠠᠭᠤᠳᠠᠯ ᠭᠠᠷᠤᠭᠰᠠᠨ ᠪᠠᠶᠢᠵᠤ ᠮᠡᠳᠡᠨ᠎ᠡ᠃     1. ᠳᠡᠭᠡᠭᠰᠢ ᠬᠠᠨᠳᠤᠨ ᠬᠡᠪᠳᠡᠵᠦ ᠤᠨᠲᠠᠬᠤ ᠬᠡᠯᠪᠡᠷᠢ ᠪᠠᠶᠢᠳᠠᠯ᠄ ᠬᠠᠮᠤᠭ ᠤᠨ ᠰᠠᠶᠢᠨ ᠤᠨᠲᠠᠬᠤ ᠬᠡᠯᠪᠡᠷᠢ ᠪᠠᠶᠢᠳᠠᠯ ᠳᠡᠭᠡᠭᠰᠢ ᠬᠠᠨᠳᠤᠨ ᠬᠡᠪᠲᠡᠵᠦ ᠤᠨᠲᠠᠬᠤ ᠦᠶ᠎ᠡ ᠳᠤ᠂ ᠪᠠᠭᠠᠨ᠎ᠠ ᠨᠢᠷᠤᠭᠤᠨ ᠤ ᠴᠢᠨᠢ ᠳᠠᠷᠤᠯᠲᠠ ᠬᠠᠮᠤᠭ ᠤᠨ ᠪᠠᠭ᠎ᠠ ᠪᠠᠶᠢᠳᠠᠭ ᠮᠦᠷᠳᠡᠭᠡᠨ ᠪᠠᠰᠠ ᠪᠦᠬᠦ ᠪᠡᠶ᠎ᠡ ᠶᠢᠨ ᠴᠢᠨᠢ ᠪᠤᠯᠴᠢᠩ ᠮᠢᠬ᠎ᠠ ᠪᠠ ᠦᠶ᠎ᠡ ᠭᠡᠰᠢᠭᠦᠦ ᠳᠤ ᠠᠪᠴᠤ ᠬᠡᠯᠡᠪᠡᠯ᠂ ᠬᠡᠯᠪᠡᠷᠢ ᠪᠠᠶᠢᠳᠠᠯ ᠢᠶᠠᠨ ᠠᠯᠳᠠᠬᠤ ᠦᠭᠡᠢ ᠪᠠᠶᠢᠵᠤ᠂ ᠪᠡᠶ᠎ᠡ ᠴᠢᠨᠢ ᠨᠡᠩ ᠢᠯᠡᠬᠦᠤ ᠠᠮᠠᠷᠠᠬᠤ ᠪᠤᠶᠤ ᠶᠡᠳᠡᠷᠡᠯ ᠵᠦᠳᠡᠷᠡᠯ ᠨᠢ ᠲᠠᠶᠢᠯᠤᠬᠳᠠᠵᠤ ᠡᠷᠡᠭᠦᠯᠵᠢᠳᠡᠭ᠂ ᠢᠡᠭᠭᠢᠵᠦ ᠤᠨᠳᠠᠬᠤ ᠨᠢ ᠪᠠᠭᠠᠨ᠎ᠠ ᠨᠢᠷᠤᠭᠤᠨ ᠤ ᠬᠠᠮᠤᠭ ᠰᠠᠶᠢᠨ ᠤᠨᠲᠠᠬᠤ ᠬᠡᠯᠪᠡᠷᠢ ᠪᠠᠶᠢᠳᠠᠯ ᠪᠣᠯᠤᠨ᠎ᠠ᠃     ᠭᠡᠪᠡᠴᠦ ᠳᠡᠭᠡᠭᠰᠢ ᠬᠠᠨᠳᠤᠨ ᠬᠡᠪᠲᠡᠵᠦ ᠤᠨᠲᠠᠬᠤ ᠳᠤ ᠪᠠᠰᠠ ᠠᠩᠬᠠᠷᠬᠤ ᠴᠢᠬᠤᠯᠠᠲᠠᠢ ᠠᠰᠠᠭᠤᠳᠠᠯ ᠪᠤᠢ᠃     ■ ᠳᠡᠷ᠎ᠡ ᠪᠠᠨ ᠲᠡᠩᠳᠡᠭᠦᠤ ᠥᠨᠳᠥᠷ ᠪᠤᠶᠤ ᠳᠣᠣᠷ᠎ᠠ ᠪᠠᠶᠢᠯᠭᠠᠵᠤ ᠪᠣᠯᠬᠤ ᠦᠭᠡᠢ     ■ ᠪᠢᠲᠡᠭᠡᠢ ᠬᠥᠯ ᠢᠶᠠᠨ ᠠᠳᠠᠷᠢᠵᠦ ᠤᠨᠳᠠ     ■ ᠳᠡᠭᠡᠭᠰᠢ ᠬᠠᠨᠳᠤᠨ ᠬᠡᠪᠲᠡᠵᠦ ᠤᠨᠲᠠᠬᠤ ᠵᠥᠪ ᠬᠡᠯᠪᠡᠷᠢ ᠪᠠᠶᠢᠳᠠᠯ ᠪᠣᠯ ᠳᠡᠭᠡᠭᠰᠢ ᠬᠠᠨᠳᠤᠨ ᠬᠡᠪᠲᠡᠬᠦ ᠦᠶ᠎ᠡ ᠳᠤ ᠳᠡᠷ᠎ᠡ ᠶᠢᠨ ᠥᠨᠳᠥᠷ ᠤᠨ ᠬᠡᠮᠵᠢᠶ᠎ᠡ ᠶᠢ ᠬᠡᠳᠦ ᠥᠨᠳᠥᠷ ᠪᠤᠶᠤ ᠬᠡᠳᠦ ᠳᠣᠣᠷ᠎ᠠ ᠪᠠᠶᠢᠯᠭᠠᠵᠤ ᠪᠣᠯᠬᠤ ᠦᠭᠡᠢ᠂ ᠳᠡᠷ᠎ᠡ ᠪᠠᠨ ᠴᠢᠩᠭ᠎ᠠ ᠳᠠᠷᠤᠭᠰᠠᠨ ᠤ ᠳᠠᠷᠠᠭ᠎ᠠ ᠨᠢᠳᠤᠷᠭ᠎ᠠ ᠲᠠᠢ ᠴᠢᠨᠢ ᠠᠳᠠᠯᠢᠬᠠᠨ ᠥᠨᠳᠥᠷ ᠪᠤᠶᠤ ᠵᠢᠭᠠᠬᠠᠨ ᠥᠨᠳᠥᠷ ᠪᠠᠶᠢᠪᠠᠯ ᠪᠤᠯᠴᠢᠬᠠᠨ᠎ᠠ᠃ ᠲᠡᠷᠡᠴᠢᠯᠡᠨ ᠳᠡᠷ᠎ᠡ ᠪᠠᠨ ᠬᠦᠵᠦᠭᠦᠦ ᠰᠡᠭᠡᠷ ᠤᠨ ᠢᠶᠠᠨ ᠠᠷᠤ ᠲᠠᠯ᠎ᠠ ᠳᠤ ᠨᠠᠭᠠᠯᠳᠤᠭᠤᠯᠵᠤ᠂ ᠬᠦᠵᠦᠭᠦᠦ ᠰᠡᠭᠡᠷ ᠲᠠᠢ ᠪᠠᠨ ᠪᠦᠷᠢᠮᠦᠰᠦᠨ ᠲᠤᠯᠭᠠᠬᠤ ᠭᠡᠷᠡᠭᠳᠡᠢ᠂ ᠢᠡᠭᠭᠢᠪᠡᠯ ᠪᠡᠶ᠎ᠡ ᠪᠠᠨ ᠨᠡᠩ ᠰᠠᠶᠢᠨ ᠠᠮᠠᠷᠠᠭᠤᠯᠵᠤ ᠴᠢᠳᠠᠨ᠎ᠠ᠃     2. ᠬᠠᠵᠠᠭᠤᠯᠠᠨ ᠬᠡᠪᠳᠡᠵᠦ ᠤᠨᠲᠠᠬᠤ ᠬᠡᠯᠪᠡᠷᠢ ᠪᠠᠶᠢᠳᠠᠯ᠄ ᠳᠡᠷ᠎ᠡ ᠪᠠᠨ ᠰᠠᠶᠢᠲᠤᠷ ᠠᠰᠢᠭᠯᠠᠬᠤ ᠬᠡᠷᠡᠭᠲᠡᠢ ᠬᠠᠵᠠᠭᠤᠯᠤᠨ ᠤᠨᠲᠠᠬᠤ ᠳᠤ ᠳᠡᠭᠡᠭᠰᠢ ᠬᠠᠨᠳᠤᠨ ᠤᠨᠲᠠᠬᠤ ᠲᠠᠢ ᠠᠳᠠᠯᠢᠬᠠᠨ ᠢᠶᠠᠷ ᠳᠡᠷ᠎ᠡ ᠪᠠᠨ ᠲᠡᠩᠳᠡᠭᠦᠤ ᠥᠨᠳᠥᠷ ᠪᠠᠶᠢᠯᠭᠠᠵᠤ ᠪᠤᠯᠬᠤ ᠦᠭᠡᠢ᠂ ᠳᠡᠷ᠎ᠡ ᠴᠢᠨᠢ ᠲᠡᠩᠳᠡᠭᠦᠤ ᠥᠨᠳᠥᠷ ᠪᠤᠯᠪᠠᠯ ᠲᠣᠯᠣᠭᠠᠶ ᠶᠢᠨ ᠬᠡᠰᠡᠭ ᠠᠷᠭ᠎ᠠ ᠪᠤᠰᠤ ᠳᠡᠭᠡᠭᠰᠢ ᠡᠷᠭᠦᠭᠳᠡᠨ᠎ᠡ᠂ ᠢᠩᠭᠢᠪᠡᠯ ᠬᠦᠵᠦᠭᠦᠨ ᠶᠠᠰᠤ ᠴᠢᠨᠢ ᠳᠡᠭᠡᠭᠰᠢ ᠮᠤᠷᠦ᠋ᠢᠨ᠎ᠠ᠃ ᠠᠳᠠᠯᠢ ᠶᠣᠰᠣ ᠪᠠᠷ᠂ ᠳᠡᠷ᠎ᠡ ᠴᠢᠨᠢ ᠲᠡᠩᠳᠡᠭᠦᠤ ᠳᠣᠣᠷ᠎ᠠ ᠪᠣᠯ ᠲᠣᠯᠣᠭᠠᠶ ᠶᠢᠨ ᠬᠡᠰᠡᠭ ᠢ ᠴᠢᠨᠢ ᠲᠠᠭᠠᠨ ᠬᠦᠵᠦᠭᠦᠦ ᠰᠡᠭᠡᠷ ᠴᠢᠨᠢ ᠳᠣᠷᠣᠭᠰᠢ ᠮᠤᠷᠦ᠋ᠢᠨ᠎ᠠ᠃ ᠡᠨᠡ ᠬᠤᠶᠠᠷ ᠵᠦᠢᠯ ᠤᠨ ᠪᠠᠶᠢᠳᠠᠯ ᠨᠢ ᠴᠦᠮ ᠬᠦᠵᠦᠭᠦᠦ ᠰᠡᠭᠡᠷ ᠤᠨ ᠵᠥᠭᠡᠯᠡᠨ ᠨᠡᠬᠡᠳᠡᠰᠦ ᠪᠠ ᠵᠢᠵᠢᠭ ᠦᠶ᠎ᠡ ᠶᠢᠨ ᠨᠢᠭᠡ ᠲᠠᠯ᠎ᠠ ᠶᠢ ᠨᠢ ᠲᠠᠳᠠᠨ ᠤᠷᠳᠤᠳᠬᠠᠵᠤ᠂ ᠨᠦᠬᠦᠭᠡ ᠨᠢᠭᠡ ᠲᠠᠯ᠎ᠠ ᠶᠢ ᠨᠢ ᠪᠣᠭᠤᠨᠢᠰᠬᠠᠵᠤ᠂ ᠲᠡᠩᠴᠡᠭᠦᠷᠢ ᠦᠭᠡᠢ ᠪᠤᠯᠭᠠᠳᠠᠭ ᠪᠠᠶᠢᠨ᠎ᠠ᠃ ᠡᠭᠦᠨ ᠠᠴᠠ ᠭᠠᠳᠠᠨ᠎ᠠ᠂ ᠮᠠᠰᠢ ᠣᠯᠠᠨ ᠬᠥᠮᠦᠨ ᠳᠡᠭᠡᠷ᠎ᠡ ᠲᠠᠯ᠎ᠠ ᠶᠢᠨ ᠬᠥᠯ ᠢᠶᠠᠨ ᠤᠷᠤᠬᠰᠢ ᠪᠡᠶ᠎ᠡ ᠶᠢᠨ ᠡᠮᠦᠨ᠎ᠡ ᠬᠡᠰᠡᠭ ᠬᠦᠷᠳᠡᠯ᠎ᠡ ᠲᠠᠪᠠᠭᠤᠯᠤᠨ ᠲᠠᠯᠪᠢᠵᠦ ᠤᠨᠳᠠᠳᠠᠭ᠂ ᠢᠡᠭᠭᠢᠵᠦ ᠤᠨᠳᠠᠬᠤ ᠨᠢ ᠠᠭᠠᠷᠴᠠᠭ ᠪᠠ ᠨᠢᠷᠤᠭᠤ ᠬᠦᠯ ᠢ ᠲᠠᠭᠠᠨ ᠤᠷᠤᠬᠰᠢ ᠮᠤᠰᠬᠢᠷᠠᠨ ᠮᠤᠷᠦ᠋ᠢᠵᠦ᠂ ᠪᠠᠭᠠᠨ᠎ᠠ ᠨᠢᠷᠤᠭᠤ ᠴᠢᠨᠢ ᠶᠠᠭ ︽ᠮᠠᠬᠤᠸᠠᠷ ᠮᠤᠰᠬᠢᠬᠰᠠᠨ︾ ᠰᠢᠭ᠋ ᠪᠤᠯᠳᠠᠭ᠃ ᠤᠷᠳᠤ ᠬᠤᠭᠤᠴᠠᠭ᠎ᠠ ᠪᠠᠷ ᠡᠶᠢᠮᠦ ᠬᠡᠯᠪᠡᠷᠢ ᠪᠠᠶᠢᠳᠠᠯ ᠢᠶᠠᠷ ᠤᠨᠳᠠᠭᠠᠳ ᠪᠠᠶᠢᠪᠠᠯ ᠪᠦᠰᠡᠯᠡᠭᠦᠷ ᠨᠢᠷᠤᠭᠤᠨ ᠤ ᠬᠤᠶᠠᠷ ᠲᠠᠯ᠎ᠠ ᠶᠢᠨ ᠵᠥᠭᠡᠯᠡᠨ ᠨᠡᠬᠡᠳᠡᠰᠦ ᠬᠡᠲᠦᠷᠬᠡᠢ ᠲᠠᠳᠠᠬᠳᠠᠵᠤ᠂ ᠨᠢᠷᠤᠭᠤ ᠡᠪᠡᠳᠬᠦ᠂ ᠬᠦᠵᠦᠭᠦᠦ ᠰᠡᠭᠡᠷ ᠡᠪᠡᠳᠬᠦ ᠪᠤᠶᠤ ᠰᠡᠭᠦᠵᠢ ᠡᠪᠡᠳᠬᠦ ᠪᠣᠯᠤᠨ᠎ᠠ᠃     3. ᠡᠯᠢᠭᠡᠲᠡᠨ ᠬᠡᠪᠲᠡᠵᠦ ᠤᠨᠲᠠᠬᠤ ᠬᠡᠯᠪᠡᠷᠢ ᠪᠠᠶᠢᠳᠠᠯ᠄ ᠬᠠᠮᠤᠭ ᠤᠨ ᠮᠠᠭᠤ ᠤᠨᠲᠠᠬᠤ ᠬᠡᠯᠪᠡᠷᠢ ᠪᠠᠶᠢᠳᠠᠯ ᠡᠯᠢᠭᠡᠲᠡᠨ ᠬᠡᠪᠲᠡᠵᠦ ᠤᠨᠲᠠᠬᠤ ᠦᠶ᠎ᠡ ᠳᠤ᠂ ᠠᠮᠢᠰᠬᠤᠯ ᠢᠶᠠᠨ ᠪᠠᠲᠤᠯᠠᠬᠤ ᠶᠢᠨ ᠲᠥᠯᠥᠭᠡ᠂ ᠶᠡᠷᠦ ᠳᠡᠭᠡᠨ ᠲᠣᠯᠣᠭᠠᠢ ᠶᠢᠨ ᠬᠡᠰᠡᠭ ᠢᠶᠠᠨ ᠨᠢᠭᠡ ᠲᠠᠯ᠎ᠠ ᠲᠡᠶᠢᠰᠢ ᠬᠡᠯᠪᠠᠶᠢᠯᠭᠡᠳᠡᠭ᠂ ᠡᠨᠡ ᠦᠶ᠎ᠡ ᠳᠤ ᠨᠢᠭᠤᠷ ᠤᠨ ᠲᠠᠯ᠎ᠠ ᠶᠢᠨ ᠬᠦᠵᠦᠭᠦᠦ ᠰᠡᠭᠡᠷ ᠤᠨ ᠦᠶ᠎ᠡ ᠯᠤᠲᠤ ᠶᠡᠭᠡ ᠳᠠᠷᠤᠯᠲᠠ ᠳᠤ ᠤᠴᠠᠷᠠᠳᠠᠭ ᠪᠠᠶᠢᠨ᠎ᠠ᠃
ᠢᠷᠡᠯᠲᠡ᠄ ᠠᠷᠠᠳ ᠤᠨ ᠰᠦᠯᠵᠢᠶ᠎ᠡ