ᠪᠠᠷᠰ ᠴᠠᠭ ᠲᠤ ᠡᠰᠡ ᠪᠤᠰᠤᠬᠰᠠᠨ ᠴᠤ ᠡᠳᠤᠷ ᠤᠨ ᠠᠵᠢᠯ ᠢᠶᠠᠨ ᠠᠮᠵᠢᠭᠤᠯᠤᠶ᠎ᠠ
ᠨᠡᠶᠢᠲᠡᠯᠡᠭᠰᠡᠨ ᠴᠠᠭ᠄
2025/7/3
   ᠬᠠᠷᠠᠬᠠᠨ ᠪᠠᠭ᠎ᠠ ᠠᠴᠠ ᠪᠠᠨ ᠪᠢᠳᠡ ᠠᠬᠠᠮᠠᠳ ᠪᠤᠭᠤᠷᠤᠯᠴᠤᠳ ᠤᠨ ︽ᠪᠠᠷᠰ ᠴᠠᠭ ᠲᠤ ᠪᠤᠰᠬᠤ ᠦᠬᠡᠢ ᠪᠤᠯ ᠡᠳᠤᠷ ᠤᠨ ᠠᠵᠢᠯ ᠬᠤᠴᠤᠷᠤᠨ᠎ᠠ᠂ ᠪᠠᠭ᠎ᠠ ᠨᠠᠰᠤᠨ ᠳᠠᠭᠠᠨ ᠰᠤᠷᠬᠤ ᠦᠬᠡᠢ ᠪᠤᠯ ᠨᠠᠰᠤᠨ ᠤ ᠶᠠᠪᠤᠳᠠᠯ ᠬᠤᠴᠤᠷᠤᠨ᠎ᠠ︾ ᠬᠡᠰᠡᠨ ᠮᠡᠷᠭᠡᠨ ᠰᠤᠷᠭᠠᠯ ᠤᠨ ᠳᠤᠤᠷ᠎ᠠ ᠦᠰᠴᠤ ᠪᠤᠶᠢᠵᠢᠭᠰᠠᠨ ᠪᠢᠯᠡ᠃ ᠪᠠᠷᠰ ᠴᠠᠭ ᠬᠡᠳᠡᠭ ᠨᠢ ᠦᠷᠯᠦᠬᠡ ᠶᠢᠨ 3 — 5 ᠴᠠᠬ ᠢ ᠵᠢᠭᠠᠳᠠᠭ ᠠᠵᠢ᠃ ᠳᠡᠷᠡ ᠦᠶᠡᠰ ᠤᠨ ᠬᠦᠮᠦᠰ ᠶᠠᠭᠠᠬᠢᠭᠠᠳ ᠲᠡᠶᠢᠮᠤ ᠡᠷᠳᠡ ᠪᠤᠰᠳᠠᠭ ᠪᠤᠢ ᠬᠡᠵᠥ ᠬᠡᠨ ᠨᠢᠬᠡᠨ ᠨᠢ ᠠᠰᠠᠭᠤᠵᠥ ᠰᠤᠪᠢᠳᠠᠭ᠃ ᠡᠨᠡ ᠨᠢ ᠶᠠᠷᠢᠶᠠᠨ ᠦᠬᠡᠢ ᠳᠤᠬᠠᠢ ᠶᠢᠨ ᠦᠶ᠎ᠡ ᠶᠢᠨ ᠰᠢᠨᠵᠢᠯᠡᠬᠦ ᠤᠬᠠᠭᠠᠨ ᠲᠦ᠋ᠭᠨᠢᠭ ᠮᠡᠷᠬᠡᠵᠢᠯ᠂ ᠦᠢᠯᠡᠳᠪᠦᠷᠢᠯᠡᠯ ᠤᠨ ᠬᠦᠴᠦᠨ ᠠᠴᠠ ᠰᠢᠯᠳᠠᠭᠠᠯᠠᠬᠰᠠᠨ ᠪᠢᠯᠡ᠃ ᠦᠯᠢᠳᠬᠡᠵᠥ ᠬᠡᠯᠡᠪᠡᠯ ᠲᠤᠬᠠᠢ ᠶᠢᠨ ᠦᠶ᠎ᠡ ᠳᠤ ᠦᠬᠡᠷ ᠠᠨᠵᠢᠰᠤ ᠪᠠᠷ ᠨᠢᠬᠡ ᠡᠳᠤᠷ ᠰᠠᠶ᠋ᠢ ᠠᠷᠪᠠᠭᠠᠳ ᠮᠦ ᠭᠠᠵᠠᠷ ᠬᠠᠭᠠᠯᠪᠤᠷᠢᠯᠠᠵᠥ ᠳᠠᠶᠢᠯᠤᠨ᠎ᠡ᠂ ᠤᠳᠤ ᠶᠢᠨ ᠰᠢᠬ ᠮᠠᠰᠢᠨ ᠠᠨᠵᠢᠰᠤ ᠪᠠᠷ ᠡᠳᠤᠷ ᠲᠤ ᠵᠠᠭᠤᠨ ᠮᠦ᠂ ᠬᠡᠳᠤᠨ ᠵᠠᠭᠤᠨ ᠮᠦ ᠭᠠᠵᠠᠷ ᠬᠠᠭᠠᠯᠪᠤᠷᠢᠯᠠᠬᠤ ᠲᠠᠢ ᠬᠡᠷᠬᠢᠨ ᠠᠳᠠᠯᠢᠳᠬᠠᠵᠥ ᠪᠤᠯᠬᠤ ᠠᠵᠢ᠃ ᠲᠡᠶᠢᠮᠤ ᠪᠤᠯᠬᠤᠷ ᠳᠤᠬᠠᠢ ᠶᠢᠨ ᠦᠶ᠎ᠡ ᠶᠢᠨ ᠬᠦᠮᠦᠰ ᠦᠨᠡᠬᠡᠷ ᠪᠠᠷᠰ ᠴᠠᠭ ᠲᠤ ᠪᠤᠰᠬᠤ ᠴᠢᠬᠤᠯᠠ ᠲᠠᠢ ᠪᠠᠶᠢᠵᠠᠢ᠃     ᠨᠡᠶᠢᠭᠡᠮ᠂ ᠴᠠᠭ ᠦᠶ᠎ᠡ᠂ ᠰᠢᠨᠵᠢᠯᠡᠬᠦ ᠤᠬᠠᠭᠠᠨ ᠲᠧᠭᠨᠢᠭ ᠮᠡᠷᠬᠡᠵᠢᠯ ᠲᠠᠰᠤᠷᠡᠯᠳᠠ ᠦᠬᠡᠢ ᠬᠦᠭᠵᠢᠵᠥ ᠪᠠᠶᠢᠭ᠎ᠠ ᠦᠨᠦᠳᠦᠷ᠂ ︽ᠪᠠᠷᠰ ᠴᠠᠭ᠂ ᠪᠠᠭ᠎ᠠ ᠨᠠᠰᠤ︾ ᠶᠢᠨ ᠰᠤᠷᠭᠠᠯ ᠮᠦᠨ ᠴᠤ ᠦᠨᠡᠨ ᠶᠤᠰᠤ ᠲᠠᠢ᠃ ᠤᠴᠢᠷ ᠨᠢ᠂ ᠬᠠᠮᠤᠭ ᠤᠨ ᠭᠤᠤᠯ ᠴᠢᠮᠦᠬᠡ ᠨᠢ ᠰᠢᠵᠢᠷ ᠠᠯᠳᠠᠨ ᠴᠠᠭ ᠦᠶ᠎ᠡ ᠶᠢ ᠠᠯᠳᠠᠵᠥ ᠶᠠᠪᠤᠭᠤᠯᠵᠥ ᠪᠤᠯᠬᠤ ᠦᠬᠡᠢ᠂ ᠴᠠᠭ ᠮᠦᠴᠡ ᠶᠢ ᠵᠠᠪᠠᠯ ᠡᠵᠡᠮᠳᠡᠬᠦ ᠬᠡᠷᠡᠭᠳᠡᠢ ᠬᠡᠰᠡᠨ ᠳᠤ ᠪᠠᠶᠢᠭ᠎ᠠ ᠶᠤᠮ᠃ ᠤᠳᠤᠬᠠᠨ ᠳᠤ ︽ᠴᠠᠬ ᠵᠠᠪᠳᠤᠬᠤ ᠦᠬᠡᠢ᠂ ᠠᠵᠢᠯ ᠢᠶᠠᠨ ᠠᠮᠵᠢᠭᠤᠯᠵᠥ ᠳᠡᠶᠢᠯᠬᠦ ᠦᠬᠡᠢ᠂ ᠡᠳᠤᠷᠵᠢᠨ ᠶᠠᠭᠠᠷᠠᠤ ᠪᠠᠶᠢᠭ᠎ᠠ︾ ᠬᠦᠮᠦᠨ ᠤᠯᠠᠳᠠᠵᠥ ᠪᠠᠶᠢᠨ᠎ᠠ᠃ ᠨᠢᠬᠳᠠᠯᠠᠵᠥ ᠦᠵᠡᠬᠦ ᠪᠠᠷ ᠬᠠᠮᠤᠭ ᠤᠨ ᠭᠤᠤᠯ ᠰᠢᠯᠳᠠᠭᠠᠨ ᠨᠢ ︽ᠴᠠᠭ ᠮᠦᠴᠡ ︾ ᠬᠡᠰᠡᠨ ᠬᠤᠶᠠᠷ ᠦᠬᠡᠨ ᠳᠡᠬᠡᠷ᠎ᠡ ᠳᠤᠬᠳᠠᠬᠤ ᠨᠢ ᠮᠡᠳᠡᠬᠡᠵᠢ᠃     ᠨᠡᠶᠢᠬᠡᠮ ᠤᠨ ᠬᠦᠭᠵᠢᠯᠳᠡ ᠶᠢ ᠳᠠᠭᠠᠯᠳᠤᠨ᠂ ᠠᠮᠢᠳᠤᠷᠠᠯ ᠤᠨ ᠬᠦᠭ ᠠᠶᠢᠵᠠᠮ ᠲᠦᠷᠬᠡᠳᠴᠤ᠂ ᠠᠮᠢᠳᠤᠷᠠᠯ ᠤᠨ ᠵᠢᠮ᠎ᠡ ᠶᠤᠰᠤ ᠬᠤᠪᠢᠷᠠᠵᠥ ᠪᠠᠶᠢᠨ᠎ᠠ᠃ ᠭᠠᠷ ᠤᠳᠠᠰᠤ ᠶᠢᠨ ᠴᠡᠬᠡᠨ ᠳᠡᠯᠬᠡᠴᠡ ᠳᠤ ᠨᠢᠳᠤ ᠬᠠᠶᠠᠭᠠᠳ ᠤᠷᠦ᠋ᠢᠬᠠᠨ ᠤᠨᠳᠠᠳᠠᠭ ᠬᠦᠮᠦᠨ ᠤᠯᠠᠰᠢᠷᠠᠵᠥ ᠪᠠᠶᠢᠨ᠎ᠠ᠂ ᠲᠡᠬᠡᠬᠦᠯᠡᠷ ᠢᠶᠠᠨ ᠨᠦᠢᠷ ᠲᠤᠳᠠᠭᠤ᠂ ᠠᠮᠠᠷᠠᠵᠥ ᠳᠡᠶᠢᠯᠭᠦ ᠦᠬᠡᠢ ᠵᠡᠷᠬᠡ ᠰᠢᠯᠳᠠᠭᠠᠨ ᠠᠴᠠ ᠪᠤᠯᠤᠬᠰᠠᠨ ᠴᠤᠭ ᠰᠦᠯᠳᠡ ᠮᠠᠭᠤᠳᠠᠢ᠂ ᠤᠷᠮ᠎ᠠ ᠵᠤᠷᠢᠭ ᠠᠨᠠᠢ ᠪᠠᠶᠢᠳᠠᠯ ᠮᠠᠨ ᠤ ᠪᠡᠶ᠎ᠡ ᠳᠡᠬᠡᠷ᠎ᠡ ᠢᠯᠡᠷᠡᠵᠥ ᠪᠠᠶᠢᠨ᠎ᠠ᠃ ᠡᠨᠡ ᠨᠢ ᠮᠠᠨ ᠤ ᠳᠠᠷᠠᠭ᠎ᠠ ᠡᠳᠤᠷ ᠤᠨ ᠠᠵᠢᠯ ᠤᠨ ᠦᠷ᠎ᠡ ᠪᠦᠳᠦᠮᠵᠢ ᠶᠢ ᠰᠢᠭᠤᠳ ᠨᠦᠯᠦᠬᠡᠯᠡᠬᠦ ᠶᠢ ᠬᠡᠨ ᠴᠤ ᠬᠡᠯᠡᠬᠦ ᠦᠬᠡᠢ ᠳᠤ ᠪᠢᠳᠡ ᠦᠪᠡᠷ ᠢᠶᠠᠨ ᠮᠡᠳᠡᠷᠡᠬᠦ ᠦᠬᠡᠢ ᠪᠠᠶᠢᠬᠤ ᠶᠢᠨ ᠠᠷᠭ᠎ᠠ ᠦᠬᠡᠢ ᠶᠤᠮ᠃ ᠬᠠᠮᠢᠶ᠎ᠡ ᠪᠦᠬᠦᠢ ᠪᠠᠶᠢᠴᠠᠭᠠᠨ ᠰᠤᠳᠤᠯᠤᠯᠳᠠ ᠶᠢ ᠦᠨᠳᠦᠰᠦᠯᠡᠪᠡᠯ᠂ ᠬᠦᠮᠦᠨ ᠤ ᠦᠳᠡ ᠶᠢᠨ ᠡᠮᠤᠨᠡᠬᠢ ᠠᠵᠢᠯ ᠤᠨ ᠦᠷ᠎ᠡ ᠪᠦᠳᠦᠮᠵᠢ ᠬᠠᠮᠤᠭ ᠤᠨ ᠦᠨᠳᠦᠷ᠂ ᠪᠦᠬᠦ ᠡᠳᠤᠷ ᠤᠨ ᠠᠵᠢᠯ ᠤᠨ ᠦᠷ᠎ᠡ ᠪᠦᠳᠦᠮᠵᠢ ᠶᠢᠨ ᠭᠤᠷᠪᠠᠨ ᠤ ᠬᠤᠶᠠᠷ ᠬᠤᠪᠢ ᠶᠢ ᠡᠵᠡᠯᠡᠳᠡᠭ᠃ ᠳᠡᠬᠡᠬᠦ ᠪᠠᠷ ᠢᠶᠠᠨ ᠪᠢᠳᠡ ᠦᠳᠡ ᠶᠢᠨ ᠡᠮᠤᠨᠡᠬᠢ ᠴᠠᠭ ᠢᠶᠠᠨ ᠬᠦᠢᠴᠡᠳ ᠠᠰᠢᠬᠯᠠᠵᠥ ᠴᠢᠳᠠᠬᠤ ᠦᠬᠡᠢ ᠪᠤᠯ ᠡᠳᠤᠷ ᠤᠨ ᠠᠵᠢᠯ ᠢᠶᠠᠨ ᠬᠡᠷᠬᠢᠨ ᠠᠮᠵᠢᠭᠤᠯᠵᠥ ᠳᠡᠶᠢᠯᠬᠦ ᠠᠵᠢ᠃     ᠬᠦᠮᠦᠨ ᠪᠤᠯᠭᠠᠨ ᠦᠪᠡᠷ ᠤᠨ ᠴᠠᠭ ᠮᠦᠴᠡ ᠪᠠᠨ ᠡᠵᠡᠮᠳᠡᠬᠦ ᠪᠦᠷᠢᠨ ᠡᠷᠬᠡ ᠲᠠᠢ ᠪᠠᠶᠢᠭ᠎ᠠ ᠶᠤᠮ᠃ ᠬᠡᠪᠡᠴᠤ ᠴᠠᠭ ᠮᠦᠴᠡ ᠪᠠᠨ ᠬᠦᠢᠴᠡᠳ ᠡᠵᠡᠮᠳᠡᠵᠥ ᠴᠢᠳᠠᠬᠤ ᠦᠬᠡᠢ ᠪᠤᠯ ᠬᠤᠶᠠᠷ ᠵᠦᠢᠯ ᠤᠨ ᠦᠷ᠎ᠡ ᠳ᠋ᠦᠩ ᠭᠠᠷᠴᠤ ᠮᠡᠳᠡᠨ᠎ᠡ᠄ ᠨᠢᠬᠡ ᠨᠢ ᠠᠵᠢᠯ ᠳᠠᠭᠠᠨ ᠳᠠᠷᠤᠬᠳᠠᠨ᠎ᠠ᠂ ᠨᠦᠬᠦᠬᠡ ᠨᠢ ᠠᠮᠢᠳᠤᠷᠠᠯ ᠤᠨ ᠵᠢᠮ᠎ᠡ ᠶᠤᠰᠤ ᠪᠠᠨ ᠠᠯᠳᠠᠨ᠎ᠠ᠃ ᠲᠡᠶᠢᠮᠤ ᠪᠤᠯᠬᠤᠷ ︽ᠨᠤᠬᠠᠢ ᠬᠡᠯᠡ ᠪᠠᠨ ᠭᠠᠷᠭᠠᠬᠤ ᠦᠶ᠎ᠡ ᠳᠤ ᠬᠢᠬᠦ ᠦᠬᠡᠢ᠂ ᠲᠠᠬᠢᠶ᠎ᠡ ᠬᠦᠯ ᠢᠶᠠᠨ ᠡᠷᠬᠦᠬᠦ ᠦᠶ᠎ᠡ ᠳᠤ ᠬᠢᠬᠦ︾ ᠰᠡᠳᠬᠢᠬᠦᠢ ᠲᠠᠢ ᠪᠤᠯ ᠠᠯᠢᠪᠠ ᠶᠠᠪᠤᠳᠠᠯ ᠤᠷᠦ᠋ᠢᠳᠠᠬᠤ ᠶᠢᠨ ᠳᠡᠮᠳᠡᠭ ᠶᠤᠮ᠃
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ