ᠲᠥᠷᠥ ᠶᠢᠨ ᠶᠠᠪᠤᠳᠠᠯ ᠤᠨ ᠬᠤᠷᠢᠶ᠎ᠠ ᠶᠢᠨ ᠰᠣᠨᠢᠨ ᠮᠡᠳᠡᠭᠡᠨ ᠤ ᠠᠯᠪᠠᠨ ᠬᠡᠷ 24 ᠤ ᠡᠳᠦᠷ ᠰᠣᠨᠢᠨ ᠮᠡᠳᠡᠭᠡ ᠨᠡᠶᠢᠲᠡᠯᠡᠬᠦ ᠬᠤᠷᠠᠯ ᠬᠢᠵᠦ᠂ 9 ᠰᠠᠷ᠎ᠠ ᠶᠢᠨ 3 ᠤ | ᠦᠳᠡ ᠶᠢᠨ ᠡᠮᠦᠨ᠎ᠡ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠥᠪ ᠬᠤᠷᠢᠶ᠎ᠠ᠂ ᠪᠥᠬᠦ ᠤᠯᠤᠰ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ | ᠪᠠᠶᠢᠩᠭᠤ ᠶᠢᠨ ᠬᠤᠷᠢᠶ᠎ᠠ᠂ ᠲᠥᠷᠥ ᠶᠢᠨ ᠶᠠᠪᠤᠳᠠᠯ ᠤᠨ ᠬᠤᠷᠢᠶ᠎ᠠ᠂ ᠪᠥᠬᠦ ᠤᠯᠤᠰ ᠤᠨ ᠤᠯᠤᠰ ᠲᠥᠷᠥ ᠶᠢᠨ ᠵᠥᠪᠯᠡᠯᠭᠡᠨ᠂ ᠲᠥᠪ ᠤᠨ ᠴᠡᠷᠢᠭ ᠤᠨ ᠶᠠᠪᠤᠳᠠᠯ ᠤᠨ | ᠬᠤᠷᠢᠶ᠎ᠠ ᠶᠢᠨ ᠨᠡᠷ᠎ᠡ ᠪᠠᠷ ᠪᠡᠭᠡᠵᠢᠩ ᠤᠨ ᠲᠢᠶᠠᠨ ᠠᠨ ᠮᠤᠨ ᠲᠠᠯᠠᠪᠠᠶ ᠳᠤ ᠳᠤᠮᠳᠠᠳᠤ ᠤᠯᠤᠰ ᠤᠨ ᠠᠷᠠᠳ ᠲᠦᠮᠡᠨ ᠤ ᠶᠠᠫᠣᠨ ᠢ ᠡᠰᠡᠷᠭᠦᠴᠡᠬᠦ ᠲᠡᠶᠢᠨ ᠵᠢᠴᠢ | ᠳᠡᠯᠡᠬᠡᠶ ᠶᠢᠨ ᠹᠠᠱᠢᠰ ᠢ ᠡᠰᠡᠷᠭᠦᠴᠡᠬᠦ ᠲᠡᠶᠢᠨ ᠤ ᠢᠯᠠᠯᠲᠠ ᠣᠯᠤᠭᠰᠠᠨ 80 ᠵᠢᠯ ᠤᠨ ᠣᠶ ᠶᠢ ᠳᠤᠷᠠᠰᠬᠠᠬᠤ ᠶᠡᠭᠡ ᠬᠤᠷᠠᠯ ᠢ ᠦᠪᠡᠳᠡᠭᠰᠢ ᠶᠡᠭᠡ ᠪᠠᠷ | ᠬᠤᠷᠠᠯᠳᠤᠭᠤᠯᠤᠨ᠎ᠠ᠂ ᠡᠭᠦᠨ ᠳᠤ ᠴᠡᠷᠢᠭ ᠠᠩᠭᠢ ᠶᠢ ᠰᠢᠯᠭᠠᠨ ᠦᠵᠡᠬᠦ ᠶᠠᠪᠤᠳᠠᠯ ᠪᠠᠭᠲᠠᠨ᠎ᠠ᠃ ᠶᠡᠷᠦᠩᠬᠡᠢ ᠱᠦᠵᠢ ᠰᠢ ᠶᠢᠨ ᠫᠢᠩ ᠴᠢᠬᠤᠯᠠ ᠶᠠᠷᠢᠶ᠎ᠠ ᠲᠠᠯᠪᠢᠨ᠎ᠠ | ᠭᠡᠵᠦ ᠨᠡᠶᠢᠲᠡᠯᠡᠪᠡ᠃ | ᠳᠤᠮᠳᠠᠳᠤ ᠤᠯᠤᠰ ᠤᠨ ᠠᠷᠠᠳ ᠲᠦᠮᠡᠨ ᠤ ᠶᠠᠫᠣᠨ ᠢ ᠡᠰᠡᠷᠭᠦᠴᠡᠬᠦ ᠳᠠᠶᠢᠨ ᠪᠠ ᠳᠡᠯᠡᠬᠡᠶ ᠶᠢᠨ ᠹᠠᠱᠢᠰ ᠢ ᠡᠰᠡᠷᠭᠦᠴᠡᠬᠦ ᠳᠠᠶᠢᠨ ᠢᠯᠠᠯᠲᠠ ᠣᠯᠤᠭᠰᠠᠨ 80 | ᠵᠢᠯ ᠤᠨ ᠣᠶ ᠪᠣᠯᠵᠤ ᠪᠠᠶᠢᠭ᠎ᠠ ᠲᠠᠰᠢᠷᠠᠮ ᠳᠤ᠂ ᠳᠤᠷᠠᠰᠬᠠᠬᠤ ᠠᠵᠢᠯᠯᠠᠭ᠎ᠠ ᠶᠢ ᠦᠪᠡᠳᠡᠭᠰᠢ ᠶᠡᠭᠡ ᠪᠠᠷ ᠬᠢᠬᠦ ᠶᠠᠪᠤᠳᠠᠯ ᠪᠣᠯ ᠲᠡᠦᠬᠡ ᠶᠢᠨ ᠥᠷᠯᠥᠭ ᠬᠥᠰᠢᠶ᠎ᠡ ᠳᠤ | ᠬᠦᠨᠳᠦᠳᠭᠡᠯ ᠳᠡᠪᠰᠢᠭᠦᠯᠵᠦ ᠪᠠᠶᠢᠭ᠎ᠠ ᠶᠠᠪᠤᠳᠠᠯ ᠮᠥᠨ ᠪᠥᠭᠡᠳ ᠨᠡᠩ ᠴᠤ ᠶᠠᠫᠣᠨ ᠢ ᠡᠰᠡᠷᠭᠦᠴᠡᠬᠦ ᠳᠠᠶᠢᠨ ᠤ ᠠᠭᠤᠤ ᠶᠡᠭᠡ ᠵᠣᠷᠢᠭ ᠰᠠᠨᠠᠭ᠎ᠠ ᠶᠢ ᠤᠯᠠᠮᠵᠢᠯᠠᠨ | ᠪᠠᠳᠠᠷᠠᠭᠤᠯᠵᠤ ᠪᠠᠶᠢᠭ᠎ᠠ ᠶᠠᠪᠤᠳᠠᠯ ᠮᠥᠨ᠂ ᠡᠩᠬᠡ ᠲᠠᠶᠢᠪᠤᠩ ᠢᠶᠠᠷ ᠬᠥᠭᠵᠢᠬᠦ ᠡᠷᠡᠰ ᠵᠣᠷᠢᠭ ᠢ ᠡᠷᠡᠰ ᠢᠶᠠᠷ ᠢᠯᠡᠷᠬᠡᠶᠢᠯᠡᠵᠦ ᠪᠠᠶᠢᠭ᠎ᠠ ᠶᠠᠪᠤᠳᠠᠯ ᠮᠥᠨ᠃ | 80 ᠵᠢᠯ ᠤᠨ ᠡᠮᠦᠨ᠎ᠡ᠂ ᠳᠤᠮᠳᠠᠳᠤ ᠤᠯᠤᠰ ᠤᠨ ᠠᠷᠠᠳ ᠲᠦᠮᠡᠨ 14 ᠵᠢᠯ ᠤᠨ ᠴᠢᠰᠤᠲᠤ ᠪᠠᠶᠢᠯᠳᠤᠭᠠᠨ ᠢᠶᠠᠷ ᠳᠠᠮᠵᠢᠨ᠂ ᠳᠤᠮᠳᠠᠳᠤ ᠤᠯᠤᠰ ᠤᠨ ᠠᠷᠠᠳ | ᠲᠦᠮᠡᠨ ᠤ ᠶᠠᠫᠣᠨ ᠢ ᠡᠰᠡᠷᠭᠦᠴᠡᠬᠦ ᠳᠠᠶᠢᠨ ᠤ ᠠᠭᠤᠤ ᠶᠡᠭᠡ ᠢᠯᠠᠯᠲᠠ ᠶᠢ ᠣᠯᠵᠤ᠂ ᠳᠡᠯᠡᠬᠡᠢ ᠶᠢᠨ ᠹᠠᠱᠢᠰ ᠢ ᠡᠰᠡᠷᠭᠦᠴᠡᠬᠦ ᠳᠠᠶᠢᠨ ᠤ ᠪᠦᠷᠢᠨ ᠢᠯᠠᠯᠲᠠ ᠶᠢ | ᠲᠤᠩᠬᠠᠭᠯᠠᠵᠠᠢ᠃ ᠡᠨᠡ ᠬᠦ ᠲᠦᠢᠯ ᠤᠨ ᠬᠠᠲᠠᠭᠤᠵᠢᠯᠲᠠᠢ ᠲᠡᠮᠡᠴᠡᠯ ᠨᠢ ᠤᠯᠤᠰ ᠤᠨ ᠡᠷᠬᠡ ᠮᠡᠳᠡᠯ ᠪᠣᠯᠤᠨ ᠨᠤᠲᠤᠭ ᠳᠡᠪᠢᠰᠭᠡᠷ ᠤᠨ ᠪᠦᠷᠢᠨ ᠪᠦᠲᠦᠨ ᠪᠠᠶᠢᠬᠤ ᠶᠢ | ᠬᠦᠴᠦᠲᠡᠢ ᠬᠠᠮᠠᠭᠠᠯᠠᠭᠰᠠᠨ ᠪᠥᠭᠡᠳ ᠪᠠᠰᠠ ᠮᠢᠩᠭᠠᠨ ᠣᠨ ᠢ ᠭᠡᠶᠢᠭᠦᠯᠦᠭᠰᠡᠨ ᠶᠠᠫᠣᠨ ᠢ ᠡᠰᠡᠷᠭᠦᠴᠡᠬᠦ ᠠᠭᠤᠤ ᠶᠡᠭᠡ ᠵᠣᠷᠢᠭ ᠰᠠᠨᠠᠭ᠎ᠠ ᠶᠢ ᠪᠤᠢ ᠪᠣᠯᠭᠠᠵᠠᠢ᠃ | ᠦᠨᠳᠦᠰᠦᠲᠡᠨ ᠮᠥᠬᠦᠯ ᠤᠨ ᠠᠶᠤᠯ ᠳᠤ ᠲᠤᠯᠭᠠᠷᠠᠭᠰᠠᠨ ᠦᠶ᠎ᠡ ᠳᠤ ᠤᠷᠬᠢᠯᠤᠨ ᠪᠠᠳᠠᠷᠠᠭᠰᠠᠨ ᠡᠨᠡ ᠬᠦ ᠤᠶᠤᠨ ᠰᠠᠨᠠᠭᠠᠨ ᠤ ᠠᠤᠭ᠎ᠠ ᠬᠦᠴᠦᠨ ᠨᠢ ᠳᠤᠮᠳᠠᠳᠤ | ᠤᠯᠤᠰ ᠤᠨ ᠠᠷᠠᠳ ᠲᠦᠮᠡᠨ ᠤ ᠤᠷᠤᠭᠰᠢᠯᠠᠯᠲᠠ ᠶᠢᠨ ᠵᠠᠮ ᠳᠡᠭᠡᠷᠡᠬᠢ ᠶᠠᠮᠠᠷᠪᠠ ᠬᠦᠴᠢᠷ ᠪᠡᠷᠬᠡᠰᠢᠶᠡᠯ ᠬᠠᠷᠰᠢ ᠰᠠᠭᠠᠳ ᠢ ᠢᠯᠠᠨ ᠳᠠᠪᠠᠵᠤ᠂ ᠳᠤᠮᠳᠠᠳᠤ ᠶᠢᠨ | ᠦᠨᠳᠦᠰᠦᠲᠡᠨ ᠤ ᠠᠭᠤᠤ ᠶᠡᠭᠡ ᠰᠡᠷᠭᠦᠨ ᠮᠠᠨᠳᠤᠯᠲᠠ ᠶᠢᠨ ᠳᠤᠮᠳᠠᠳᠤ ᠶᠢᠨ ᠵᠡᠭᠦᠳᠦ ᠶᠢ ᠲᠡᠷᠭᠡᠯᠰᠢᠭᠦᠯᠬᠦ ᠶᠢᠨ ᠲᠥᠯᠥᠭᠡ ᠴᠥᠬᠦᠷᠡᠰᠢ ᠦᠭᠡᠢ ᠲᠡᠮᠡᠴᠡᠬᠦ ᠶᠢ ᠡᠭᠦᠷᠢᠳᠡ | ᠵᠣᠷᠢᠭᠵᠢᠭᠤᠯᠵᠤ ᠪᠠᠶᠢᠨ᠎ᠠ᠃ | ᠳᠤᠷᠠᠰᠬᠠᠬᠤ ᠠᠵᠢᠯᠯᠠᠭ᠎ᠠ ᠶᠢ ᠦᠪᠡᠳᠡᠭᠰᠢ ᠶᠡᠭᠡ ᠪᠠᠷ ᠬᠢᠬᠦ ᠨᠢ ᠲᠡᠦᠬᠡ ᠪᠠᠨ ᠪᠠᠲᠤ ᠴᠡᠭᠡᠵᠢᠯᠡᠵᠦ᠂ ᠦᠷᠡᠭᠳᠡᠭᠰᠡᠨ ᠪᠠᠭᠠᠲᠤᠷᠴᠤᠳ ᠢᠶᠠᠨ ᠳᠤᠷᠠᠰᠤᠨ | ᠰᠠᠨᠠᠭᠠᠯᠵᠠᠬᠤ ᠪᠠᠷ ᠪᠠᠷᠠᠬᠤ ᠦᠭᠡᠶ ᠨᠡᠩ ᠴᠤ ᠢᠷᠡᠭᠡᠳᠦᠶ ᠶᠢ ᠵᠢᠭᠠᠨ ᠵᠢᠯᠣᠭᠤᠳᠴᠤ᠂ ᠵᠣᠷᠢᠭᠵᠢᠭᠤᠯᠤᠨ ᠤᠷᠤᠭᠰᠢᠯᠠᠭᠤᠯᠬᠤ ᠪᠣᠯᠤᠨ᠎ᠠ᠃ ᠳᠡᠯᠡᠬᠡᠢ ᠳ᠋ᠠᠬᠢᠨ ᠤ ᠵᠠᠭᠤᠨ | ᠵᠢᠯ ᠳᠤ ᠲᠣᠬᠢᠶᠠᠯᠳᠤᠭ᠎ᠠ ᠦᠭᠡᠢ ᠶᠡᠭᠡ ᠬᠤᠪᠢᠰᠤᠯᠲᠠ ᠶᠢᠨ ᠡᠮᠦᠨ᠎ᠡ᠂ ᠪᠢᠳᠠ ᠵᠣᠷᠢᠭᠲᠠᠢ ᠪᠠᠷ ᠲᠡᠮᠡᠴᠡᠯ ᠬᠢᠵᠦ᠂ ᠵᠣᠷᠢᠭᠲᠠᠢ ᠪᠠᠷ ᠢᠯᠠᠯᠲᠠ ᠣᠯᠵᠤ᠂ ᠨᠠᠷᠢᠨ | ᠪᠤᠳᠤᠯᠢᠶᠠᠨᠲᠠᠢ ᠬᠤᠪᠢᠷᠠᠯᠲᠠ ᠶᠡᠬᠡᠲᠡᠢ ᠳᠡᠯᠡᠬᠡᠢ ᠶᠢᠨ ᠣᠷᠴᠢᠨ ᠲᠣᠭᠤᠷᠢᠨ ᠳᠤ ᠤᠯᠤᠰ ᠤᠨ ᠡᠷᠬᠡ ᠮᠡᠳᠡᠯ᠂ ᠠᠮᠤᠷ ᠲᠦᠪᠰᠢᠨ᠂ ᠬᠥᠭᠵᠢᠯᠲᠡ ᠶᠢᠨ ᠠᠰᠢᠭ | ᠲᠤᠰᠠ ᠪᠠᠨ ᠡᠷᠡᠰ ᠬᠠᠮᠠᠭᠠᠯᠠᠬᠤ ᠬᠡᠷᠡᠭᠲᠡᠢ᠃ | ᠡᠭᠦᠨ ᠤ ᠬᠠᠮᠲᠤ᠂ ᠪᠢᠳᠡ ᠡᠭᠦᠨ ᠢᠶᠠᠷ ᠠᠵᠠ ᠲᠣᠬᠢᠶᠠᠯ ᠪᠣᠯᠭᠠᠵᠤ᠂ ᠳᠤᠮᠳᠠᠳᠤ ᠤᠯᠤᠰ ᠤᠨ ᠠᠷᠠᠳ ᠲᠦᠮᠡᠨ ᠡᠩᠬᠡ ᠲᠠᠶᠢᠪᠤᠩ ᠬᠥᠭᠵᠢᠯᠲᠡ ᠶᠢᠨ ᠵᠠᠮ ᠢᠶᠠᠷ | ᠡᠷᠡᠰ ᠭᠤᠶᠢᠪᠢᠰᠢ ᠦᠭᠡᠢ ᠵᠠᠮᠨᠠᠵᠤ᠂ ᠳᠡᠯᠡᠬᠡᠢ ᠶᠢᠨ ᠡᠩᠬᠡ ᠲᠠᠶᠢᠪᠤᠩ ᠢ ᠡᠷᠡᠰ ᠭᠤᠶᠢᠪᠢᠰᠢ ᠦᠭᠡᠢ ᠬᠠᠮᠠᠭᠠᠯᠠᠬᠤ ᠵᠣᠭᠰᠣᠯᠲᠠ ᠪᠠ ᠡᠷᠡᠰ ᠵᠣᠷᠢᠭ ᠢᠶᠠᠨ ᠢᠯᠡᠷᠬᠡᠶᠢᠯᠡᠬᠦ | ᠬᠡᠷᠡᠭᠲᠡᠢ — ᠳᠤᠮᠳᠠᠳᠤ ᠤᠯᠤᠰ ᠡᠩᠬᠡ ᠲᠠᠶᠢᠪᠤᠩ ᠬᠥᠭᠵᠢᠯᠲᠡ ᠶᠢᠨ ᠲᠤᠭ ᠢ ᠥᠨᠳᠥᠷ ᠮᠠᠨᠳᠤᠭᠤᠯᠵᠤ᠂ ᠢᠮᠠᠭᠲᠠ ᠳᠡᠯᠡᠬᠡᠢ ᠶᠢᠨ ᠡᠩᠬᠡ ᠲᠠᠶᠢᠪᠤᠩ ᠤᠨ ᠡᠷᠡᠰ | ᠪᠠᠲᠤ ᠬᠠᠮᠠᠭᠠᠯᠠᠭᠴᠢ ᠪᠤᠯᠵᠤ᠂ ᠳᠡᠯᠡᠬᠡᠢ ᠳᠡᠭᠡᠷᠡᠬᠢ ᠡᠩᠬᠡ ᠲᠠᠶᠢᠪᠤᠩ ᠢ ᠡᠷᠬᠢᠮᠯᠡᠳᠡᠭ᠂ ᠰᠢᠳᠤᠷᠭᠤ ᠶᠣᠰᠣ ᠶᠢ ᠪᠠᠲᠤ ᠪᠠᠷᠢᠮᠲᠠᠯᠠᠳᠠᠭ ᠤᠯᠤᠰ ᠪᠠ ᠠᠷᠠᠳ ᠲᠦᠮᠡᠨ ᠲᠠᠢ | ᠬᠠᠮᠲᠤ ᠪᠠᠷ ᠬᠥᠮᠦᠨ ᠲᠥᠷᠥᠯᠬᠢᠲᠡᠨ ᠤ ᠬᠤᠪᠢ ᠵᠠᠶᠠᠭᠠᠨ ᠤ ᠬᠠᠮᠲᠤ ᠶᠢᠨ ᠴᠣᠭᠴᠠ ᠶᠢ ᠪᠠᠶᠢᠭᠤᠯᠬᠤ ᠬᠥᠮᠦᠨ ᠤ ᠵᠢᠷᠲᠢᠨᠴᠦ ᠶᠢᠨ ᠵᠥᠪ ᠵᠠᠮ ᠢᠶᠠᠷ ᠲᠤᠮᠤ | ᠠᠯᠬᠤᠮ ᠢᠶᠠᠷ ᠤᠷᠤᠭᠰᠢᠯᠠᠨ᠎ᠠ᠃ | ᠳᠠᠶᠢᠨ ᠤ ᠣᠨ ᠰᠠᠷ᠎ᠠ ᠶᠢ ᠡᠷᠭᠢᠴᠡᠭᠦᠯᠬᠦᠶ᠎ᠡ᠂ ᠶᠠᠫᠣᠨ ᠢ ᠡᠰᠡᠷᠭᠦᠴᠡᠬᠦ ᠳᠠᠶᠢᠨ ᠤ ᠠᠭᠤᠤ ᠶᠡᠭᠡ ᠵᠣᠷᠢᠭ ᠰᠠᠨᠠᠭ᠎ᠠ ᠡᠭᠦᠷᠢᠳᠡ ᠬᠡᠷᠡᠯ ᠭᠢᠯᠪᠠᠭ᠎ᠠ ᠪᠠᠨ | ᠰᠠᠴᠤᠷᠠᠭᠤᠯᠤᠨ᠎ᠠ︔ ᠰᠠᠶᠢᠨ ᠰᠠᠶᠢᠬᠠᠨ ᠢᠷᠡᠭᠡᠳᠦᠢ ᠶᠢ ᠪᠠᠷᠠᠯᠠᠬᠤᠶ᠎ᠠ᠂ ᠡᠩᠬᠡ ᠲᠠᠶᠢᠪᠤᠩ ᠬᠥᠭᠵᠢᠯᠲᠡ ᠶᠢᠨ ᠡᠷᠴᠢ ᠵᠣᠷᠢᠭ ᠦᠬᠡᠷ ᠴᠢᠯᠠᠭᠤ ᠮᠡᠲᠦ ᠪᠠᠲᠤ ᠪᠠᠬᠢ ᠶᠤᠮ | ᠃ ᠲᠡᠦᠬᠡ ᠠᠴᠠ ᠤᠷᠤᠭᠰᠢᠯᠠᠯᠲᠠ ᠶᠢᠨ ᠤᠶᠤᠨ ᠤᠬᠠᠭᠠᠨ ᠪᠠ ᠬᠦᠴᠦᠨ ᠴᠢᠳᠠᠯ ᠢ ᠰᠢᠩᠭᠡᠭᠡᠨ ᠠᠪᠴᠤ᠂ ᠨᠡᠩ ᠭᠡᠭᠡᠨ ᠰᠠᠷᠠᠭᠤᠯ ᠢᠷᠡᠭᠡᠳᠦᠢ ᠶᠢ ᠡᠭᠦᠳᠦᠨ ᠨᠡᠭᠡᠭᠡᠵᠦ | ᠂ ᠪᠢᠳᠡ ᠳᠤᠷᠠᠰᠬᠠᠯ ᠤᠨ ᠠᠵᠢᠯᠯᠠᠭ᠎ᠠ ᠳᠤᠮᠳᠠ ᠠᠴᠠ ᠬᠦᠴᠦᠨ ᠴᠢᠳᠠᠯ ᠢᠶᠠᠨ ᠨᠢᠭᠲᠠᠷᠠᠭᠤᠯᠵᠤ᠂ ᠰᠢᠨ᠎ᠡ ᠲᠡᠦᠬᠡᠲᠦ ᠡᠭᠦᠷᠭᠡ ᠶᠢ ᠡᠭᠦᠷᠭᠡᠯᠡᠵᠦ᠂ ᠬᠦᠴᠦᠷᠬᠡᠭ | ᠤᠯᠤᠰ ᠤᠨ ᠪᠦᠲᠦᠭᠡᠨ ᠪᠠᠶᠢᠭᠤᠯᠤᠯᠲᠠ᠂ ᠦᠨᠳᠦᠰᠦᠲᠡᠨ ᠤ ᠰᠡᠷᠭᠦᠨ ᠮᠠᠨᠳᠤᠯᠲᠠ ᠶᠢᠨ ᠠᠭᠤᠤ ᠦᠢᠯᠡᠰ ᠢ ᠲᠠᠰᠤᠷᠠᠯᠲᠠ ᠦᠭᠡᠢ ᠠᠬᠢᠭᠤᠯᠵᠤ᠂ ᠥᠨᠢ ᠤᠳᠠᠭᠠᠨ | ᠡᠩᠬᠡ ᠲᠠᠶᠢᠪᠤᠩ᠂ ᠬᠠᠮᠲᠤ ᠪᠠᠷ ᠴᠡᠴᠡᠭᠯᠡᠨ ᠬᠥᠭᠵᠢᠭᠰᠡᠨ ᠳᠡᠯᠡᠬᠡᠢ ᠵᠢᠷᠲᠢᠨᠴᠦ ᠶᠢ ᠪᠠᠶᠢᠭᠤᠯᠬᠤ ᠶᠢ ᠬᠠᠮᠲᠤ ᠪᠠᠷ ᠠᠬᠢᠭᠤᠯᠤᠶ᠎ᠠ᠃ | ︵ᠰᠢᠨᠬᠤᠸᠠ ᠬᠤᠷᠢᠶ᠎ᠠ ᠶᠢᠨ ᠪᠡᠭᠡᠵᠢᠩ ᠤᠨ 6 ᠰᠠᠷ᠎ᠠ ᠶᠢᠨ 24 ᠤ ᠴᠠᠬᠢᠯᠭᠠᠨ ᠮᠡᠳᠡᠭᠡ︶ |