ᠰᠢᠳᠦᠨ ᠤ ᠪᠠᠨ ᠡᠷᠡᠭᠦᠯ ᠰᠠᠶᠢᠬᠠᠨ ᠪᠠ ᠲᠡᠭᠰᠢ ᠭᠤᠶᠤ ᠪᠠᠶᠢᠬᠤ ᠶᠢ ᠬᠦᠮᠦᠰ ᠤᠯᠠᠮ ᠠᠩᠬᠠᠷᠬᠤ ᠪᠤᠯᠤᠬᠰᠠᠨ ᠢᠶᠠᠷ᠂ ᠰᠢᠳᠤ ᠵᠠᠰᠠᠵᠦ ᠭᠤᠶᠤᠯᠠᠬᠤ ᠪᠠᠭᠠᠵᠢ | ᠭᠡᠷᠡᠭᠰᠡᠯ ᠨᠢ ᠤᠳᠤ ᠶᠢᠨ ᠰᠢᠨ᠎ᠡ ᠤᠷᠤᠰᠬᠠᠯ ᠪᠤᠯᠵᠦ᠂ ᠵᠠᠷᠢᠮ ᠰᠦᠯᠵᠢᠶᠡᠨ ᠲᠡᠭᠡᠷ᠎ᠡ ᠴᠤᠰᠢᠳᠤ ᠭᠤᠶᠤᠯᠠᠬᠤ ᠪᠠᠭᠠᠵᠢ ᠪᠠ ᠬᠠᠮᠢᠶᠠᠳᠠᠢ ᠦᠢᠯᠡᠴᠢᠯᠡᠭᠡ ᠬᠠᠩᠭᠠᠵᠦ | ᠡᠬᠢᠯᠡᠭᠰᠡᠨ ᠪᠠᠶᠢᠨ᠎ᠠ᠃ ᠲᠡᠭᠡᠪᠡᠯ ᠰᠦᠯᠵᠢᠶᠡᠨ ᠲᠡᠭᠡᠷ᠎ᠡ ᠠᠴᠠ ᠰᠢᠳᠦ ᠵᠠᠰᠠᠵᠦ ᠭᠤᠶᠤᠯᠠᠬᠤ ᠪᠠᠭᠠᠵᠢ ᠬᠡᠷᠡᠭᠰᠡᠯ ᠬᠤᠳᠠᠯᠳᠤᠨ ᠠᠪᠬᠤ ᠨᠢ ᠨᠡᠭᠡᠷᠡᠨ ᠨᠠᠶᠢᠳᠠᠪᠦᠷᠢᠳᠡᠢ ᠤᠤ︖ | ᠡᠨᠡ ᠨᠢ ᠴᠤᠬᠤᠮ ᠠᠶᠤᠯ ᠡᠷᠡᠰᠳᠡᠯ ᠪᠠᠶᠢᠨ᠎ᠠ ᠤᠤ᠂ ᠦᠭᠡᠢ ᠤᠤ︖ | ᠰᠦᠯᠵᠢᠶᠡᠨ ᠲᠡᠭᠡᠷ᠎ᠡ ᠬᠤᠳᠠᠯᠳᠤᠵᠦ ᠪᠠᠶᠢᠭ᠎ᠠ ᠰᠢᠳᠦ ᠭᠤᠶᠤᠯᠠᠵᠦ ᠵᠠᠰᠠᠬᠤ ᠪᠠᠭᠠᠵᠢ ᠨᠢ ᠬᠢᠮᠳᠡ᠂ ᠪᠠᠶᠢᠨ ᠲᠠᠬᠢᠨ ᠡᠮᠨᠡᠯᠬᠡ ᠳᠤ ᠬᠦᠶᠦᠭᠦ ᠴᠢᠬᠤᠯᠠ ᠦᠭᠡᠢ᠂ | ᠦᠪᠡᠷ ᠢᠶᠠᠨ ᠰᠢᠭᠤᠳ ᠲᠠᠭᠠᠷᠠᠭᠤᠯᠵᠦ ᠪᠤᠯᠬᠤ ᠵᠡᠷᠭᠡ ᠲᠦᠭᠦᠮ ᠲᠦᠳᠡ ᠨᠦᠭᠦᠴᠡᠯ ᠪᠤᠯᠤᠮᠵᠢ ᠲᠠᠢ ᠪᠠᠶᠢᠳᠠᠭ ᠪᠤᠯᠬᠤᠷ᠂ ᠬᠦᠮᠦᠰ ᠲᠤ ᠶᠡᠬᠡᠬᠡᠨ ᠲᠠᠭᠠᠯᠠᠬᠳᠠᠵᠦ | ᠪᠠᠶᠢᠳᠠᠭ᠃ | ᠭᠡᠳᠡᠯ᠎ᠡ ᠡᠭᠦᠨ ᠢ ᠲᠠᠭᠠᠯᠳᠤᠨ ᠬᠡᠷᠡᠭᠯᠡᠭᠴᠢᠳ ᠲᠤ ᠴᠢᠨᠠᠷ ᠴᠢᠨᠰᠠᠭ᠎ᠠ ᠨᠢ ᠠᠨᠠᠢ᠂ ᠬᠠᠭᠤᠷᠮᠠᠭ ᠮᠠᠭᠤ ᠪᠦᠳᠦᠭᠡᠭᠳᠡᠭᠦᠨ ᠬᠤᠳᠠᠯᠳᠤᠨ ᠦᠭᠭᠦᠭᠰᠡᠨ᠂ ᠵᠠᠰᠠᠵᠦ | ᠲᠡᠭᠰᠢᠯᠡᠬᠦ ᠦᠷ᠎ᠡ ᠳ᠋ᠦᠩ ᠨᠢ ᠪᠠᠳᠤᠯᠠᠭ᠎ᠠ ᠦᠭᠡᠢ ᠪᠠᠶᠢᠬᠤ᠂ ᠬᠡᠷᠡᠭᠯᠡᠭᠴᠢᠳ ᠤᠨ ᠰᠢᠳᠤ ᠶᠢ ᠮᠠᠭᠤᠳᠠᠭᠤᠯᠤᠭᠰᠠᠨ ᠵᠡᠷᠭᠡ ᠬᠡᠷᠡᠭ ᠵᠠᠷᠭᠤ ᠴᠤ ᠤᠯᠠᠰᠢᠷᠠᠵᠦ ᠪᠠᠶᠢᠭ᠎ᠠ | ᠶᠤᠮ᠃ | ᠰᠢᠳᠦ ᠭᠤᠶᠤᠯᠠᠬᠤ ᠨᠢ ᠲᠤᠰᠬᠠᠢ ᠮᠡᠷᠭᠡᠵᠢᠯ ᠤᠨ ᠡᠮᠴᠢᠯᠡᠭᠡ ᠪᠤᠯᠬᠤᠷ᠂ ᠲᠡᠭᠰᠢ ᠦᠭᠡᠢ ᠤᠷᠭᠤᠬᠰᠠᠨ ᠰᠢᠳᠦ ᠪᠠᠨ ᠵᠠᠰᠠᠵᠦ ᠲᠡᠭᠰᠢᠯᠡᠬᠦ ᠬᠡᠪᠡᠯ ᠲᠤᠰᠬᠠᠢ | ᠮᠡᠷᠭᠡᠵᠢᠯ ᠤᠨ ᠰᠢᠳᠦ ᠭᠤᠶᠤᠯᠠᠬᠤ ᠡᠮᠴᠢ ᠪᠠᠷ ᠵᠠᠰᠠᠭᠤᠯᠪᠠᠯ ᠰᠠᠶᠢᠨ᠂ ᠰᠢᠳᠦ ᠭᠤᠶᠤᠯᠠᠬᠤ ᠪᠠᠭᠠᠵᠢ ᠶᠢ ᠰᠦᠯᠵᠢᠶᠡᠨ ᠠᠴᠠ ᠰᠢᠭᠤᠳ ᠬᠤᠳᠠᠯᠳᠤᠨ ᠠᠪᠴᠦ | ᠦᠪᠡᠷ ᠢᠶᠠᠨ ᠲᠠᠭᠠᠷᠠᠭᠤᠯᠬᠤ ᠨᠢ ᠮᠠᠰᠢ ᠤᠯᠠᠨ ᠠᠶᠤᠯ ᠡᠷᠡᠰᠳᠡᠯ ᠲᠠᠢ ᠪᠠᠶᠢᠳᠠᠭ᠃ ᠡᠨᠡ ᠨᠢ ᠰᠢᠳᠦᠨ ᠤ ᠤᠯᠠᠨ ᠵᠦᠢᠯ ᠤᠨ ᠡᠪᠡᠳᠴᠢᠨ ᠡᠮᠬᠡᠭ ᠢ ᠡᠭᠦᠰᠭᠡᠵᠦ ᠮᠡᠳᠡᠬᠦ | ᠪᠦᠭᠡᠳ ᠴᠢᠨᠠᠬᠰᠢᠯᠠᠨ ᠰᠢᠳᠦ ᠶᠢ ᠬᠤᠬᠢᠷᠠᠭᠤᠯᠵᠦ ᠮᠡᠳᠡᠨ᠎ᠡ᠃ ᠤᠴᠢᠷ ᠨᠢ ᠰᠢᠳᠦ ᠪᠠᠨ ᠵᠠᠰᠠᠵᠦ ᠭᠤᠶᠤᠯᠠᠬᠤ ᠠᠴᠠ ᠪᠤᠯᠤᠬᠰᠠᠨ ᠠᠮᠠᠨ ᠬᠦᠨᠳᠡᠢ ᠶᠢᠨ ᠡᠪᠡᠳᠴᠢᠨ | ᠡᠮᠬᠡᠭ ᠨᠢ ᠬᠦᠮᠦᠰ ᠲᠤ ᠨᠠᠰᠤᠨ ᠲᠤᠷᠰᠢ ᠶᠢᠨ ᠡᠳᠡᠭᠡᠷᠡᠰᠢ ᠦᠭᠡᠢ ᠡᠪᠡᠳᠴᠢᠨ ᠡᠮᠬᠡᠭ ᠪᠤᠯᠵᠦ ᠦᠯᠡᠳᠡᠵᠦ ᠮᠡᠳᠡᠨ᠎ᠡ ᠭᠡᠵᠦ ᠲᠤᠰᠬᠠᠢ ᠮᠡᠷᠭᠡᠵᠢᠯᠳᠡᠳ ᠰᠠᠨᠠᠭᠤᠯᠵᠦ | ᠪᠠᠶᠢᠨ᠎ᠠ᠃ |