ᠬᠤᠤᠷᠲᠤ ᠡᠳ᠋ ᠪᠣᠯ ᠬᠥᠮᠦᠨ ᠲᠥᠷᠥᠯᠬᠢᠲᠡᠨ ᠤ ᠨᠡᠶᠢᠲᠡ ᠶᠢᠨ ᠬᠤᠤᠷ ᠬᠥᠨᠥᠭᠡᠯ ᠮᠥᠨ᠃ ᠬᠤᠤᠷᠳᠤ ᠡᠳ᠋ ᠨᠢ ᠬᠤᠪᠢ ᠬᠥᠮᠦᠨ ᠳᠤ ᠠᠪᠴᠤ ᠬᠡᠯᠡᠪᠡᠯ᠂ ᠡᠷᠡᠭᠦᠯ | ᠮᠡᠨᠳᠦ ᠶᠢ ᠬᠤᠬᠢᠷᠠᠭᠤᠯᠵᠤ᠂ ᠤᠷᠮ᠎ᠠ ᠵᠣᠷᠢᠭ ᠢ ᠬᠤᠭᠤᠷᠠᠭᠤᠯᠤᠨᠠ︔ ᠭᠡᠷ ᠪᠦᠯᠢ ᠳᠤ ᠠᠪᠴᠤ ᠬᠡᠯᠡᠪᠡᠯ᠂ ᠡᠳ᠋ ᠮᠦᠩᠭᠦ ᠶᠢ ᠰᠦᠢᠳᠭᠡᠵᠦ᠂ ᠵᠢᠷᠭᠠᠯᠳᠤ ᠠᠮᠢᠳᠤᠷᠠᠯ ᠢ | ᠡᠪᠳᠡᠨ᠎ᠡ︔ ᠨᠡᠶᠢᠭᠡᠮ ᠨᠡᠶᠢᠳᠡ ᠳᠤ ᠠᠪᠴᠤ ᠬᠡᠯᠡᠪᠡᠯ᠂ ᠶᠠᠯᠠᠳᠤ ᠠᠵᠢᠯᠯᠠᠭ᠎ᠠ ᠶᠢ ᠨᠡᠮᠡᠭᠳᠡᠬᠦᠯᠵᠦ᠂ ᠬᠡᠪ ᠰᠤᠷᠲᠠᠯ ᠢ ᠪᠤᠯᠬᠢᠳᠠᠭᠤᠯᠤᠨᠠ᠃ ᠡᠬᠦᠨ ᠠᠴᠠ ᠦᠵᠡᠬᠦ ᠳᠤ᠂ | ᠬᠤᠤᠷᠳᠤ ᠡᠳ᠋ ᠴᠠᠭᠠᠵᠠᠯᠠᠬᠤ ᠨᠢ ᠵᠦᠪᠬᠡᠨ ᠨᠢᠭᠡ ᠬᠥᠮᠦᠨ ᠨᠢᠭᠡ ᠭᠡᠷ ᠪᠦᠯᠢ ᠳᠤ ᠬᠤᠯᠪᠤᠬᠳᠠᠬᠤ ᠶᠠᠪᠤᠳᠠᠯ ᠪᠢᠰᠢ᠂ ᠬᠠᠷᠢᠨ ᠨᠡᠶᠢᠭᠡᠮ ᠳᠠᠶᠠᠭᠠᠷ ᠤᠨ ᠠᠮᠤᠷ ᠲᠦᠪᠰᠢᠨ | ᠪᠤᠯᠪᠠᠰᠤᠨ ᠰᠤᠷᠳᠠᠯ ᠢ ᠰᠦᠷᠳᠡᠭᠦᠯᠬᠦ ᠴᠢᠬᠤᠯᠠ ᠶᠡᠭᠡ ᠠᠰᠠᠭᠤᠳᠠᠯ ᠪᠠᠶᠢᠵᠤ᠂ ᠪᠦᠬᠦ ᠨᠡᠶᠢᠭᠡᠮ ᠢᠶᠠᠷ ᠢᠶᠠᠨ ᠬᠦᠳᠡᠯᠦᠯᠴᠡᠵᠦ᠂ ᠬᠤᠣᠷᠲᠤ ᠡᠳ᠋ ᠴᠠᠭᠠᠵᠠᠯᠠᠭᠰᠠᠨ ᠦᠷ᠎ᠡ | ᠪᠦᠲᠦᠭᠡᠯ ᠢ ᠪᠠᠬᠢᠵᠢᠭᠦᠯᠦᠨ ᠥᠷᠭᠡᠳᠭᠡᠬᠦ ᠴᠢᠬᠤᠯᠠᠳᠠᠢ᠃ ᠬᠤᠤᠷᠳᠤ ᠡᠳ᠋ ᠴᠠᠭᠠᠵᠠᠯᠠᠬᠤ ᠠᠵᠢᠯ ᠳᠤ ᠶᠡᠷᠦᠩᠬᠡᠶᠢᠯᠡᠭᠰᠡᠨ ᠠᠷᠭ᠎ᠠ ᠪᠤᠳᠤᠯᠭ᠎ᠠ ᠬᠡᠷᠡᠭᠵᠢᠭᠦᠯᠤᠨ᠎ᠠ᠃ | ᠬᠤᠤᠷᠳᠤ ᠡᠳ᠋ ᠴᠠᠭᠠᠵᠠᠯᠠᠬᠤ ᠪᠣᠯ ᠨᠢᠭᠡ ᠵᠦᠢᠯ ᠤᠨ ᠰᠢᠰᠲ᠋ᠧᠮᠲᠦ ᠢᠨᠵᠧᠨᠧᠷᠢᠩ ᠮᠥᠨ᠂ ᠬᠤᠣᠷᠲᠤ ᠡᠳ᠋ ᠤᠨ ᠲᠦᠷᠦᠯ ᠵᠦᠢᠯ ᠤᠯᠠᠰᠢᠷᠠᠵᠤ᠂ ᠬᠤᠣᠷᠲᠤ ᠡᠳ᠋ | ᠫᠠᠨᠽᠠᠯᠠᠬᠤ ᠠᠷᠭ᠎ᠠ ᠵᠠᠮ᠂ ᠠᠷᠠᠯᠵᠢᠶᠠᠯᠠᠬᠤ ᠠᠷᠭ᠎ᠠ ᠪᠠᠷᠢᠯ ᠨᠢ ᠨᠢᠭᠤᠴᠠ ᠳᠠᠯᠳᠠ ᠪᠣᠯᠤᠬᠰᠠᠨ ᠰᠢᠨ᠎ᠡ ᠪᠠᠶᠢᠳᠠᠯ ᠤᠨ ᠳᠣᠣᠷ᠎ᠠ᠂ ᠵᠥᠪᠬᠡᠨ ᠨᠢᠭᠡᠯᠡ ᠰᠠᠯᠠᠭ᠎ᠠ | ᠮᠥᠴᠢᠷ ᠤᠨ ᠬᠦᠴᠦᠨ ᠳᠤ ᠲᠦᠰᠢᠭᠯᠡᠭᠡᠳ ᠪᠦᠲᠦᠮᠵᠢᠲᠡᠢ ᠴᠣᠬᠢᠯᠲᠠ ᠥᠭᠴᠦ ᠴᠢᠳᠠᠬᠤ ᠦᠭᠡᠢ ᠶᠤᠮ᠃ ᠡᠶᠢᠮᠦ ᠠᠴᠠ᠂ ᠬᠠᠤᠯᠢ ᠴᠠᠭᠠᠵᠠ᠂ ᠵᠠᠰᠠᠭ ᠵᠠᠬᠢᠷᠭ᠎ᠠ᠂ | ᠠᠵᠤ ᠠᠬᠤᠢ᠂ ᠰᠣᠶᠣᠯ ᠬᠥᠮᠦᠵᠢᠯ ᠵᠡᠷᠭᠡ ᠠᠷᠭ᠎ᠠ ᠪᠠᠷᠢᠯ ᠢ ᠨᠢᠭᠡᠳᠦᠯᠲᠡᠢ ᠲᠥᠯᠥᠪᠯᠡᠨ ᠬᠡᠷᠡᠭᠯᠡᠵᠦ᠂ ᠬᠤᠤᠷ ᠲᠠᠲᠠᠬᠤ ᠶᠢ ᠴᠠᠭᠠᠵᠠᠯᠠᠬᠤ᠂ ᠬᠤᠤᠷᠳᠤ ᠡᠳ᠋ | ᠫᠠᠨᠽᠠᠯᠠᠬᠤ ᠶᠢ ᠴᠠᠭᠠᠵᠠᠯᠠᠬᠤ᠂ ᠬᠤᠤᠷᠳᠤ ᠡᠳ᠋ ᠲᠠᠷᠢᠬᠤ ᠶᠢ ᠴᠠᠭᠠᠵᠠᠯᠠᠬᠤ᠂ ᠬᠤᠤᠷᠳᠤ ᠡᠳ᠋ ᠦᠢᠯᠡᠳᠬᠦ ᠶᠢ ᠴᠠᠭᠠᠵᠠᠯᠠᠬᠤ ᠶᠡᠷᠦᠩᠬᠡᠶᠢᠯᠡᠭᠰᠡᠨ ᠴᠢᠨᠠᠷᠲᠠᠢ᠂ ᠰᠢᠰᠲ᠋ᠧᠮᠲᠦ | ᠴᠢᠨᠠᠷᠲᠠᠢ ᠠᠷᠭ᠎ᠠ ᠬᠡᠮᠵᠢᠶ᠎ᠡ ᠶᠢ ᠬᠡᠷᠡᠭᠯᠡᠵᠦ᠂ ᠡᠯ᠎ᠡ ᠰᠠᠯᠠᠭ᠎ᠠ ᠮᠥᠴᠢᠷ ᠨᠢᠭᠡᠳᠦᠯᠲᠡᠢ ᠲᠥᠯᠥᠪᠯᠡᠨ ᠵᠣᠬᠢᠴᠠᠭᠤᠯᠤᠭᠰᠠᠨ᠂ ᠨᠡᠶᠢᠭᠡᠮ ᠨᠡᠶᠢᠲᠡ ᠪᠠᠷ ᠢᠶᠠᠨ ᠥᠷᠭᠡᠨ ᠢᠶᠠᠷ | ᠣᠷᠣᠯᠴᠠᠭᠰᠠᠨ ᠤᠷᠳᠤ ᠬᠤᠭᠤᠴᠠᠭᠠᠨ ᠤ ᠪᠦᠲᠦᠮᠵᠢᠲᠡᠢ ᠲᠣᠭᠲᠠᠴᠠ ᠶᠢ ᠪᠠᠶᠢᠭᠤᠯᠬᠤ ᠪᠤᠯ ᠨᠡᠩ ᠴᠢᠬᠤᠯᠠ᠃ | ᠬᠤᠤᠷᠳᠤ ᠡᠳ᠋ ᠴᠠᠭᠠᠵᠠᠯᠠᠬᠤ ᠳᠤ ᠤᠬᠠᠭᠤᠯᠭ᠎ᠠ ᠳᠠᠶᠢᠴᠢᠯᠠᠯᠳᠠ ᠶᠢ ᠢᠳᠡᠪᠬᠢᠳᠡᠢ ᠦᠷᠨᠢᠬᠦᠯᠤᠨ᠎ᠠ᠃ ᠰᠦᠯᠵᠢᠶᠡᠨ ᠳᠡᠭᠡᠷ᠎ᠡ ᠪᠠ ᠰᠦᠯᠵᠢᠶᠡᠨ ᠭᠠᠳᠠᠨ᠎ᠠ ᠵᠡᠷᠭᠡ ᠪᠠᠷ | ᠬᠥᠳᠡᠯᠦᠯᠴᠡᠵᠦ᠂ ᠬᠤᠤᠷᠳᠤ ᠡᠳ᠋ ᠴᠠᠭᠠᠵᠠᠯᠠᠬᠤ ᠤᠬᠠᠭᠤᠯᠭ᠎ᠠ ᠶᠢ ᠬᠥᠳᠡᠭᠡ ᠲᠣᠰᠬᠤᠨ᠂ ᠨᠡᠶᠢᠭᠡᠮ ᠲᠣᠭᠤᠷᠢᠭ᠂ ᠠᠵᠤ ᠠᠬᠤᠶᠢᠯᠠᠯ᠂ ᠬᠡᠷ ᠪᠦᠯᠢ᠂ ᠰᠦᠯᠵᠢᠶ᠎ᠡ ᠳᠤ | ᠣᠷᠣᠭᠤᠯᠬᠤ ᠠᠵᠢᠯᠯᠠᠭ᠎ᠠ ᠶᠢ ᠠᠬᠢᠭᠤᠯᠵᠤ᠂ ᠣᠯᠠᠨ ᠲᠦᠮᠡᠨ ᠤ ᠦᠵᠡᠵᠦ ᠰᠣᠨᠣᠰᠬᠤ ᠳᠤᠷᠠᠲᠠᠶ ᠬᠡᠯᠪᠡᠷᠢ ᠪᠠᠷ ᠨᠠᠩ ᠣᠯᠠᠨ ᠬᠥᠮᠦᠰ ᠲᠤ ᠬᠤᠤᠷᠳᠤ ᠡᠳ᠋ | ᠴᠠᠭᠠᠵᠠᠯᠠᠬᠤ ᠠᠵᠢᠯ ᠤᠨ ᠴᠢᠭᠯᠡᠯᠲᠡ ᠲᠥᠷᠥ ᠶᠢᠨ ᠪᠣᠳᠣᠯᠭ᠎ᠠ ᠶᠢ ᠣᠶᠢᠯᠠᠭᠠᠭᠤᠯᠵᠤ᠂ ᠬᠤᠤᠷᠳᠤ ᠡᠳ᠋ ᠴᠠᠭᠠᠵᠠᠯᠠᠬᠤ ᠦᠨᠳᠦᠰᠦᠨ ᠮᠡᠳᠡᠯᠭᠡ ᠵᠢᠴᠢ ᠬᠤᠤᠷᠳᠤ ᠡᠳ᠋ | ᠴᠠᠭᠠᠵᠠᠯᠠᠬᠤ ᠠᠵᠢᠯ ᠤᠨ ᠦᠷ᠎ᠡ ᠪᠦᠲᠦᠮᠵᠢ ᠶᠢ ᠲᠠᠨᠢᠯᠴᠠᠭᠤᠯᠵᠤ᠂ ᠣᠯᠠᠨ ᠲᠦᠮᠡᠨ ᠤ ᠬᠤᠤᠷᠳᠤ ᠡᠳ᠋ ᠴᠠᠭᠠᠵᠠᠯᠠᠬᠤ ᠠᠵᠢᠯ ᠳᠤ ᠣᠷᠣᠯᠴᠠᠬᠤ ᠢᠳᠡᠪᠬᠢᠵᠢᠯ ᠢ | ᠳᠠᠶᠢᠴᠢᠯᠠᠵᠤ᠂ ᠣᠯᠠᠨ ᠲᠦᠮᠡᠨ ᠤ ᠬᠤᠤᠷᠲᠤ ᠡᠳ᠋ ᠤᠨ ᠶᠠᠯᠠᠲᠤ ᠠᠵᠢᠯᠯᠠᠭ᠎ᠠ ᠶᠢ ᠢᠯᠡᠴᠢᠯᠡᠨ ᠮᠡᠳᠡᠭᠦᠯᠬᠦ᠂ ᠰᠦᠪᠡᠭᠴᠢ ᠬᠠᠩᠭᠠᠬᠤ ᠳᠤ ᠢᠳᠡᠪᠬᠢᠳᠡᠢ ᠤᠷᠤᠯᠴᠠᠬᠤ | ᠵᠤᠷᠢᠬ ᠲᠠᠢ ᠪᠠᠷ ᠤᠷᠤᠯᠴᠠᠬᠤ ᠶᠢ ᠵᠤᠷᠢᠬᠵᠢᠭᠤᠯᠤᠨ᠎ᠡ᠃ | ᠲᠡᠦᠬᠡ ᠪᠣᠯ ᠬᠠᠮᠤᠭ ᠤᠨ ᠰᠠᠶᠢᠨ ᠰᠤᠷᠬᠤ ᠪᠢᠴᠢᠭ ᠮᠥᠨ᠃ ᠳᠤᠮᠳᠠᠳᠤ ᠶᠢᠨ ᠦᠨᠳᠦᠰᠦᠲᠡᠨ ᠬᠠᠷ᠎ᠠ ᠲᠠᠮᠠᠬᠢ ᠶᠢᠨ ᠬᠤᠣᠷ ᠬᠦᠨᠦᠭᠡᠯ ᠢ ᠠᠮᠰᠠᠵᠤ ᠥᠩᠭᠡᠷᠡᠭᠰᠡᠨ | ᠪᠣᠯᠬᠤᠷ ᠲᠡᠦᠬᠡ ᠶᠢᠨ ᠭᠤᠨᠢᠭᠲᠤ ᠵᠦᠴᠦᠭᠡ ᠶᠢᠨ ᠲᠠᠬᠢᠨ ᠡᠭᠦᠰᠭᠦ ᠶᠢ ᠤᠬᠳᠤ ᠵᠥᠪᠰᠢᠶᠡᠷᠡᠬᠦ ᠦᠭᠡᠢ ᠶᠤᠮ᠃ ᠬᠤᠤᠷᠲᠤ ᠡᠳ᠋ ᠤᠨ ᠬᠡᠮ ᠰᠣᠭᠤᠭ ᠢ | ᠦᠨᠳᠦᠰᠦᠨ ᠠᠴᠠ ᠨᠢ ᠠᠷᠢᠯᠭᠠᠬᠤ ᠳᠤ ᠵᠠᠰᠠᠭ ᠤᠨ ᠣᠷᠳᠣᠨ ᠬᠦᠴᠦᠲᠡᠶ ᠤᠳᠤᠷᠢᠳᠤᠯᠭ᠎ᠠ᠂ ᠡᠯ᠎ᠡ ᠰᠠᠯᠠᠭ᠎ᠠ ᠮᠥᠴᠢᠷ ᠵᠡᠷᠭᠡ ᠪᠠᠷ ᠠᠳᠬᠤᠨ ᠬᠠᠮᠲᠤ ᠪᠠᠷ | ᠬᠠᠮᠢᠶᠠᠷᠬᠤ ᠶᠢ ᠦᠷᠭᠦᠯᠵᠢᠯᠡᠨ ᠪᠠᠷᠢᠮᠲᠠᠯᠠᠬᠤ ᠶᠢᠨ ᠬᠠᠮᠲᠤ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠤᠤᠷᠳᠤ ᠡᠳ᠋ ᠴᠠᠭᠠᠵᠠᠯᠠᠬᠤ ᠲᠦᠷᠢᠮ︾ | ᠵᠡᠷᠭᠡ ᠬᠠᠮᠢᠶ᠎ᠠ ᠪᠦᠬᠦᠢ ᠬᠠᠤᠯᠢ ᠲᠤᠬᠳᠠᠭᠠᠯ ᠢ ᠰᠠᠶᠢᠳᠤᠷ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠬᠤᠤᠷᠲᠤ ᠡᠳ᠋ ᠢ ᠴᠠᠭᠠᠵᠠᠯᠠᠬᠤ ᠤᠬᠠᠭᠤᠯᠭ᠎ᠠ ᠪᠠ ᠬᠤᠤᠷᠲᠤ | ᠡᠳ᠋ ᠢ ᠤᠷᠢᠳᠴᠢᠯᠠᠨ ᠰᠡᠷᠭᠡᠶᠢᠯᠡᠬᠦ ᠬᠥᠮᠦᠵᠢᠯ ᠢ ᠥᠷᠭᠡᠨ ᠳᠡᠯᠭᠡᠷ ᠥᠷᠨᠢᠭᠦᠯᠵᠦ᠂ ᠨᠡᠶᠢᠭᠡᠮ ᠤᠨ ᠬᠦᠴᠦᠨ ᠤ ᠢᠳᠡᠪᠬᠢᠲᠡᠶ ᠣᠷᠣᠯᠴᠠᠬᠤ ᠶᠢ ᠭᠦᠢᠴᠡᠳ ᠳᠠᠶᠢᠴᠢᠯᠠᠨ᠂ | ᠣᠯᠠᠨ ᠨᠡᠶᠢᠲᠡ ᠶᠢᠨ ᠬᠤᠤᠷᠲᠤ ᠡᠳ᠋ ᠢ ᠲᠠᠨᠢᠬᠤ᠂ ᠬᠤᠤᠷᠲᠤ ᠡᠳ᠋ ᠢ ᠰᠡᠷᠭᠡᠶᠢᠯᠡᠬᠦ᠂ ᠬᠤᠤᠷᠲᠤ ᠡᠳ᠋ ᠢ ᠲᠡᠪᠴᠢᠬᠦ ᠦᠵᠡᠯ ᠤᠬᠠᠮᠰᠠᠷ ᠪᠠ ᠴᠢᠳᠠᠪᠤᠷᠢ ᠶᠢ ᠲᠠᠰᠤᠷᠠᠯᠳᠠ | ᠦᠭᠡᠢ ᠲᠡᠭᠡᠭᠰᠢᠯᠡᠬᠦᠯᠵᠦ᠂ ᠪᠦᠬᠦ ᠨᠡᠶᠢᠭᠡᠮ ᠢᠶᠠᠷ ᠢᠶᠠᠨ ᠬᠤᠤᠷᠳᠤ ᠡᠳ᠋ ᠴᠠᠭᠠᠵᠠᠯᠠᠬᠤ ᠠᠵᠢᠯ ᠢ ᠬᠠᠯᠠᠮᠵᠢᠯᠠᠨ ᠲᠡᠮᠵᠢᠬᠦ ᠤᠷᠴᠢᠨ ᠠᠬᠤᠢ ᠶᠢ ᠪᠤᠢ ᠪᠤᠯᠭᠠᠨ᠎ᠠ᠃ ︵︽ | ᠳᠤᠮᠳᠠᠳᠤ ᠤᠯᠤᠰ ᠤᠨ ᠮᠤᠩᠭᠤᠯ ᠭᠡᠯᠡᠨ ᠤ ᠰᠤᠨᠢᠨ ᠮᠡᠳᠡᠭᠡ ᠶᠢᠨ ᠰᠦᠯᠵᠢᠶ᠎ᠠ︾ ᠠᠴᠠ ᠰᠢᠯᠵᠢᠬᠦᠯᠪᠡ︶ |