ᠰᠦ ᠶᠢᠨ ᠲᠦᠷᠤᠯ ᠪᠤᠯ ᠰᠢᠮ᠎ᠠ ᠲᠡᠵᠢᠬᠡᠯ ᠤᠨ ᠪᠦᠷᠢᠯᠳᠤᠬᠦᠨ ᠪᠦᠷᠢᠨ᠂ ᠪᠦᠷᠢᠯᠳᠤᠬᠦᠨ ᠤ ᠬᠠᠷᠢᠴᠠᠯ ᠵᠤᠬᠢᠰᠳᠡᠢ᠂ ᠰᠢᠩᠬᠡᠬᠡᠬᠦ ᠳᠤ ᠠᠮᠠᠷᠬᠠᠨ᠂ ᠰᠢᠮ᠎ᠠ | ᠲᠡᠵᠢᠬᠡᠯ ᠤᠨ ᠦᠷᠳᠡᠭ ᠢᠶᠠᠷ ᠦᠨᠳᠤᠷ ᠢᠳᠡᠬᠡᠨ ᠪᠤᠯᠤᠨ᠎ᠠ᠃ ᠴᠢᠨᠠᠷᠯᠢᠬ ᠤᠭᠤᠷᠠᠭ᠂ ᠸᠢᠲ᠋ᠠᠮᠢᠨ A᠂ ᠸᠢᠲ᠋ᠠᠮᠢᠨ B ᠢ ᠬᠠᠩᠭᠠᠵᠤ᠂ ᠺᠠᠯᠼ᠂ ᠹᠤᠰᠹᠤᠷ᠂ ᠺᠠᠯᠢ ᠵᠡᠷᠬᠡ | ᠡᠷᠤᠳᠡᠰᠤᠨ ᠪᠤᠳᠠᠰ ᠢ ᠡᠯᠪᠡᠭ ᠠᠭᠤᠯᠵᠤ᠂ ᠬᠦᠮᠤᠨ ᠤ ᠪᠠᠶ᠎ᠠ ᠳᠤ ᠠᠮᠠᠷᠬᠠᠨ ᠰᠢᠩᠬᠡᠬᠡᠭᠳᠡᠬᠦ ᠳᠤᠯᠠ ᠺᠠᠯᠼᠯᠢᠬ ᠢᠳᠡᠬᠡᠨ ᠤ ᠬᠠᠮᠤᠭ ᠤᠨ ᠰᠠᠶᠢᠨ ᠢᠷᠠᠯᠳᠠ ᠪᠤᠯᠤᠨ᠎ᠠ᠃ | | ᠬᠡᠤᠬᠡᠳ ᠪᠠᠭᠠᠴᠤᠳ ᠦᠷᠬᠦᠯᠵᠢ ᠰᠦ ᠤᠤᠭᠤᠬᠤ ᠨᠢ ᠦᠰᠦᠯᠳᠠ ᠪᠤᠯᠤᠨ ᠶᠠᠰᠤᠨ ᠤ ᠡᠷᠡᠬᠦᠯ ᠮᠠᠨᠳᠤ ᠳᠤᠨᠢ ᠠᠰᠢᠬᠳᠠᠢ᠃ ᠰᠦ ᠤᠤᠭᠤᠬᠤ ᠨᠢ ᠺᠠᠯᠼ ᠤᠨ | ᠬᠡᠮᠵᠢᠶ᠎ᠠ ᠶᠢ ᠨᠡᠮᠡᠭᠳᠡᠬᠦᠯᠤᠨ᠂ ᠶᠠᠰᠤᠨ ᠤ ᠦᠰᠤᠯᠳᠠ ᠶᠢ ᠠᠬᠢᠭᠤᠯᠵᠤ᠂ ᠬᠡᠳᠡᠰᠤᠨ ᠳᠤᠳᠤᠷᠠᠬᠢ ᠰᠦᠨ ᠬᠦᠴᠢᠯ ᠤᠨ ᠪᠠᠺᠲ᠋ᠧᠷᠢ ᠶᠢ ᠨᠡᠮᠡᠭᠳᠡᠬᠦᠯᠵᠤ᠂ ᠬᠦᠮᠤᠨ ᠤ | ᠪᠠᠶ᠎ᠠ ᠶᠢᠨ ᠺᠠᠯᠼ ᠪᠠ ᠪᠤᠰᠤᠳ ᠡᠷᠤᠳᠡᠰᠤᠨ ᠪᠤᠳᠠᠰ ᠤᠨ ᠰᠢᠩᠬᠡᠬᠡᠯᠳᠡ ᠳᠤ ᠠᠰᠢᠬᠳᠠᠢ᠃ ᠶᠠᠰᠤ ᠪᠤᠯᠤᠨ ᠰᠢᠳᠤᠨ ᠤ ᠦᠰᠤᠨ ᠪᠤᠶᠢᠵᠢᠬᠤ ᠳᠤ ᠢᠳᠡᠪᠬᠢᠳᠡᠢ | ᠤᠶᠢᠯᠠᠳᠤᠯ ᠲᠠᠢ ᠪᠦᠬᠡᠳ ᠡᠪᠡᠳᠴᠢᠨ ᠢ ᠰᠡᠷᠬᠡᠶᠢᠯᠡᠬᠦ ᠪᠠ ᠡᠪᠡᠳᠴᠢᠨ ᠢ ᠡᠰᠡᠷᠬᠦᠴᠠᠬᠦ ᠴᠢᠳᠠᠪᠤᠷᠢ ᠶᠢ ᠨᠡᠮᠡᠭᠳᠡᠬᠦᠯᠤᠨ᠎ᠠ᠃ ᠢᠳᠡᠷ ᠦᠳᠡᠯᠦᠬᠡ ᠨᠠᠰᠤᠨ ᠤ ᠬᠦᠮᠤᠰ ᠰᠦ | ᠤᠤᠭᠤᠪᠠᠯ ᠶᠠᠰᠤᠨ ᠡᠳ᠋ ᠤᠨ ᠬᠤᠷᠤᠭᠳᠠᠯ ᠢ ᠪᠠᠭᠠᠰᠬᠠᠨ ᠶᠠᠰᠤᠨ ᠤ ᠡᠷᠡᠬᠦᠯ ᠮᠠᠨᠳᠤ ᠳᠤ ᠠᠰᠢᠬᠳᠠᠢ᠃ | ᠢᠳᠡᠰᠢ ᠤᠤᠭᠤᠰᠢ ᠶᠢᠨ ᠲᠠᠳᠬᠠᠯ᠂ ᠰᠦ ᠶᠢᠨ ᠲᠦᠷᠤᠯ ᠤᠨ ᠤᠶᠢᠯᠠᠳᠪᠤᠷᠢᠯᠠᠯ ᠪᠤᠯᠤᠨ ᠬᠠᠩᠭᠠᠯᠳᠠ ᠵᠡᠷᠬᠡ ᠡᠯᠧᠮᠧᠨ᠋ᠲ ᠤᠨ ᠨᠦᠯᠦᠬᠡ ᠪᠠᠷ᠂ ᠤᠳᠤᠬᠠᠨ ᠳᠤ | ᠮᠠᠨ ᠤ ᠤᠯᠤᠰ ᠤᠨ ᠰᠠᠭᠤᠭᠠᠯᠢ ᠠᠷᠠᠳ ᠤᠨ ᠰᠦ ᠶᠢᠨ ᠲᠦᠷᠤᠯ ᠤᠨ ᠬᠡᠷᠡᠭᠯᠡᠭᠡ ᠨᠢ ᠬᠦᠭᠵᠢᠭᠰᠡᠡ ᠤᠯᠤᠰ ᠤᠨ ᠬᠢ ᠲᠠᠢ ᠬᠠᠷᠢᠴᠠᠭᠤᠯᠪᠠᠯ ᠨᠠᠯᠢᠶᠠᠳ ᠶᠡᠭᠡ | ᠵᠦᠷᠢᠶ᠎ᠠ ᠲᠠᠢ᠃ ᠲᠡᠯᠡᠬᠡᠢ ᠶᠢᠨ ᠬᠦᠮᠤᠨ ᠪᠦᠷᠢ ᠶᠢᠨ ᠲᠡᠭᠰᠢᠳᠬᠡᠭᠰᠡᠡ ᠵᠢᠯ ᠪᠦᠷᠢ ᠶᠢᠨ ᠰᠦ ᠬᠡᠷᠡᠭᠯᠡᠬᠦ ᠬᠡᠮᠵᠢᠶ᠎ᠠ ᠨᠢ 103 ᠺᠢᠯᠦᠭᠷᠡᠮ᠂ ᠬᠦᠭᠵᠢᠭᠰᠡᠡ ᠤᠯᠤᠰ ᠤᠨ | ᠬᠦᠮᠤᠨ ᠪᠦᠷᠢ 312 ᠺᠢᠯᠦᠭᠷᠡᠮ ᠪᠠᠶᠢᠵᠤ᠂ ᠮᠠᠨ ᠤ ᠤᠯᠤᠰ ᠤᠨ ᠰᠠᠭᠤᠭᠠᠯᠢ ᠠᠷᠠᠳ ᠤᠨ ᠬᠢ ᠵᠦᠪᠬᠡᠨ 13 ᠊᠊᠊ 14 ᠺᠢᠯᠦᠭᠷᠡᠮ ᠪᠠᠶᠢᠵᠤ ᠬᠦᠭᠵᠢᠭᠰᠡᠡ | ᠤᠯᠤᠰ ᠤᠨ 5% ᠳᠤ ᠪᠠᠰᠠ ᠬᠦᠷᠬᠦ ᠦᠬᠡᠢ᠃ ᠮᠠᠨ ᠤ ᠤᠯᠤᠰ ᠤᠨ ᠬᠦᠮᠤᠨ ᠪᠦᠷᠢ ᠶᠢᠨ ᠲᠡᠭᠰᠢᠳᠬᠡᠭᠰᠡᠡ ᠵᠢᠯ ᠪᠦᠷᠢ ᠶᠢᠨ ᠰᠦ ᠶᠢᠨ ᠬᠡᠷᠡᠭᠯᠡᠬᠡᠨ ᠤ ᠬᠡᠮᠵᠢᠶ᠎ᠠ ᠳᠤ | ᠬᠤᠳᠠ ᠬᠦᠳᠡᠭᠡ ᠶᠢᠨ ᠵᠦᠷᠢᠶ᠎ᠠ ᠢᠯᠡᠷᠬᠡᠢ ᠤᠷᠤᠰᠢᠵᠤ ᠪᠠᠶᠢᠨ᠎ᠠ᠄ ᠮᠠᠨ ᠤ ᠤᠯᠤᠰ ᠤᠨ ᠬᠤᠳᠠ ᠶᠢᠨ ᠰᠠᠭᠤᠭᠠᠯᠢ ᠠᠷᠠᠳ ᠤᠨ ᠬᠦᠮᠤᠨ ᠪᠦᠷᠢ ᠶᠢᠨ ᠲᠡᠭᠰᠢᠳᠬᠡᠭᠰᠡᠡ | ᠡᠳᠤᠷ ᠤᠨ ᠰᠦ ᠶᠢᠨ ᠲᠦᠷᠤᠯ ᠤᠨ ᠬᠡᠷᠡᠭᠯᠡᠬᠡᠨ 66 ᠭᠷᠡᠮ᠂ ᠬᠦᠳᠡᠭᠡ ᠶᠢᠨ ᠬᠢᠨ ᠵᠦᠪᠬᠡᠨ 11 ᠭᠷᠡᠮ ᠪᠠᠶᠢᠵᠤ᠂ ᠬᠤᠳᠠ ᠬᠦᠳᠡᠭᠡ ᠶᠢᠨ ᠵᠦᠷᠢᠶ᠎ᠠ 6 ᠲᠡᠬᠢᠨ | ᠪᠠᠶᠢᠨ᠎ᠠ᠃ ᠮᠠᠨ ᠤ ᠤᠯᠤᠰ ᠤᠨ ᠰᠠᠭᠤᠭᠠᠯᠢ ᠠᠷᠠᠳ ᠤᠨ ᠦᠷᠬᠦᠯᠵᠢ ᠬᠡᠷᠡᠭᠯᠡᠳᠡᠭ ᠰᠦ ᠶᠢᠨ ᠲᠦᠷᠤᠯ ᠳᠤ ᠦᠨᠢᠶᠠᠨ ᠰᠦ᠂ ᠬᠤᠨᠢᠨ ᠰᠦ ᠪᠠ ᠬᠡᠬᠦᠤ ᠶᠢᠨ ᠰᠦ | ᠪᠠᠶᠢᠵᠤ᠂ ᠡᠬᠦᠨ ᠤ ᠳᠤᠳᠤᠷ᠎ᠠ ᠦᠨᠢᠶᠠᠨ ᠰᠦ ᠶᠢᠨ ᠬᠡᠷᠡᠭᠯᠡᠭᠡ ᠬᠠᠮᠤᠭ ᠤᠨ ᠶᠡᠭᠡ᠃ ᠪᠠᠰᠠ ᠰᠦᠨ ᠲᠠᠯᠬ᠎ᠠ᠂ ᠡᠬᠡᠳᠡᠭᠰᠡᠡ ᠰᠦ ᠵᠡᠷᠬᠡ ᠪᠦᠳᠤᠬᠡᠭᠳᠡᠬᠦᠨ ᠪᠠᠶᠢᠨ᠎ᠠ᠃ | ᠤᠳᠤᠬᠠᠨ ᠳᠤ ᠮᠠᠨ ᠤ ᠤᠯᠤᠰ ᠤᠨ ᠰᠠᠭᠤᠭᠠᠯᠢ ᠠᠷᠠᠳ ᠤᠨ ᠬᠦᠮᠤᠨ ᠪᠦᠷᠢ ᠶᠢᠨ ᠡᠳᠤᠷ ᠤᠨ ᠺᠠᠯᠼ ᠤᠨ ᠤᠷᠤᠭᠤᠯᠤᠯᠳᠠ ᠶᠢᠨ ᠬᠡᠮᠵᠢᠶ᠎ᠠ 400 ᠮᠢᠯᠢᠭᠷᠡᠮ ᠳᠤ | ᠬᠦᠷᠬᠦ ᠦᠬᠡᠢ᠂ ᠡᠨᠡ ᠨᠢ ᠵᠤᠬᠢᠰᠳᠠᠢ ᠤᠷᠤᠭᠤᠯᠤᠯᠳᠠ ᠶᠢᠨ ᠬᠡᠮᠵᠢᠶᠠᠨ ᠤ ᠬᠠᠭᠠᠰ ᠲᠤ ᠯᠠ ᠬᠦᠷᠤᠨ᠎ᠠ᠃ ᠢᠳᠡᠰᠢᠨ ᠨᠤᠭᠤᠭ᠎ᠠ᠂ ᠠᠮᠤ ᠪᠤᠳᠠᠭ᠎ᠠ᠂ ᠲᠦᠮᠤᠰᠤᠨ ᠤ | ᠲᠦᠷᠤᠯ ᠤᠨ ᠢᠳᠡᠬᠡᠨ ᠪᠤᠯ ᠢᠳᠡᠰᠢ ᠶᠢᠨ ᠺᠠᠯᠼ ᠤᠨ ᠭᠤᠤᠯ ᠢᠷᠠᠯᠳᠠ ᠪᠠᠶᠢᠵᠤ᠂ ᠰᠦ ᠶᠢᠨ ᠲᠦᠷᠤᠯ ᠪᠤᠯᠤᠨ ᠰᠦ ᠶᠢᠨ ᠪᠦᠳᠤᠬᠡᠭᠳᠡᠬᠦᠨ ᠤ ᠺᠠᠯᠼ ᠤᠨ | ᠬᠠᠩᠭᠠᠯᠳᠠ 7% ᠳᠤ ᠬᠦᠷᠬᠦ ᠦᠬᠡᠢ᠃ ᠮᠠᠨ ᠤ ᠤᠯᠤᠰ ᠤᠨ ᠰᠠᠭᠤᠭᠠᠯᠢ ᠠᠷᠠᠳ ᠤᠨ ᠢᠳᠡᠰᠢ ᠶᠢᠨ ᠺᠠᠯᠼ ᠤᠨ ᠤᠷᠤᠭᠤᠯᠤᠯᠳᠠ ᠶᠢᠨ ᠬᠡᠮᠵᠢᠶ᠎ᠠ | ᠲᠠᠨᠢᠯᠴᠠᠭᠤᠯᠤᠭᠰᠠᠠ ᠤᠷᠤᠭᠤᠯᠤᠯᠳᠠ ᠶᠢᠨ ᠬᠡᠮᠵᠢᠶ᠎ᠠ ᠠᠴᠠ ᠬᠤᠯᠠ ᠳᠤᠤᠷ᠎ᠠ ᠮᠦᠷᠳᠡᠬᠡᠨ ᠬᠦᠳᠡᠭᠡ ᠳᠤᠰᠬᠤᠨ ᠤ ᠬᠡᠤᠬᠡᠳ ᠪᠠᠭᠠᠴᠤᠳ ᠤᠨ ᠴᠢᠨᠠᠷᠯᠢᠬ ᠤᠭᠤᠷᠠᠭ ᠤᠨ | ᠤᠷᠤᠭᠤᠯᠤᠯᠳᠠ ᠶᠢᠨ ᠬᠠᠷᠢᠴᠠᠯ ᠴᠤ ᠬᠠᠷᠢᠴᠠᠩᠭᠤᠢ ᠳᠤᠤᠷ᠎ᠠ ᠪᠠᠶᠢᠳᠠᠭ᠃ ᠢᠩᠬᠢᠵᠤ ᠰᠦ ᠤᠤᠭᠤᠬᠤ ᠶᠢ ᠴᠢᠬᠤᠯᠠᠴᠢᠯᠠᠬᠤ ᠪᠤᠯ ᠮᠠᠨ ᠤ ᠰᠠᠭᠤᠭᠠᠯᠢ ᠠᠷᠠᠳ ᠤᠨ | ᠺᠠᠯᠼ ᠤᠨ ᠤᠷᠤᠭᠤᠯᠤᠯᠳᠠ ᠬᠦᠢᠴᠡᠳ ᠦᠬᠡᠢ ᠶᠢ ᠰᠠᠶᠢᠵᠢᠷᠠᠭᠤᠯᠬᠤ ᠳᠤ ᠲᠦᠬᠦᠮ᠂ ᠠᠷᠪᠢᠳᠠᠢ᠂ ᠪᠦᠳᠤᠮᠵᠢᠳᠡᠢ ᠠᠷᠭ᠎ᠠ ᠪᠤᠯᠤᠨ᠎ᠠ᠃ ᠬᠦᠮᠤᠨ ᠪᠦᠷᠢ ᠡᠳᠤᠷ ᠪᠦᠷᠢ | 300 ᠭᠷᠡᠮ ᠤᠨ ᠰᠦ ᠤᠤᠭᠤᠬᠤ ᠶᠢᠨ ᠬᠠᠮᠳᠤ ᠪᠠᠰᠠ ᠪᠤᠰᠤᠳ ᠰᠦ ᠶᠢᠨ ᠲᠦᠷᠤᠯ ᠤᠨ ᠪᠦᠳᠤᠬᠡᠭᠳᠡᠬᠦᠨ ᠢ ᠵᠤᠬᠢᠬᠤ ᠬᠡᠮᠵᠢᠶ᠎ᠠ ᠪᠠᠷ ᠢᠳᠡᠪᠡᠯ ᠰᠠᠶᠢᠨ᠃ ᠢᠩᠬᠢᠪᠡᠯ | 300 ᠮᠢᠯᠢᠭᠷᠡᠮ ᠤᠨ ᠺᠠᠯᠼ ᠬᠦᠷᠳᠡᠬᠦ ᠶᠢᠨ ᠬᠠᠮᠳᠤ᠂ ᠲᠡᠬᠢᠨ ᠢᠳᠡᠰᠢ ᠶᠢᠨ ᠳᠤᠳᠤᠷ᠎ᠠ ᠠᠴᠠ ᠬᠦᠷᠳᠡᠬᠦ ᠺᠠᠯᠼ ᠲᠠᠢ ᠨᠠᠶᠢᠯᠡᠬᠡᠳ ᠬᠦᠮᠤᠨ ᠤ ᠪᠠᠶ᠎ᠠ ᠶᠢᠨ ᠬᠡᠷᠡᠭᠰᠡᠬᠦ | ᠺᠠᠯᠼ ᠢ ᠦᠨᠳᠤᠰᠤᠨ ᠳᠡᠭᠡᠨ ᠬᠠᠩᠭᠠᠵᠤ ᠲᠠᠶᠢᠯᠤᠨ᠎ᠠ᠃ ᠰᠦ ᠪᠤᠯᠤᠨ ᠰᠦ ᠶᠢᠨ ᠪᠦᠳᠤᠬᠡᠭᠳᠡᠬᠦᠨ ᠨᠢ ᠪᠠᠰᠠ ᠤᠭᠤᠷᠠᠭ᠂ ᠪᠤᠰᠤᠳ ᠡᠷᠤᠳᠡᠰᠤᠨ ᠪᠤᠳᠠᠰ ᠪᠠ | ᠸᠢᠲ᠋ᠠᠮᠢᠨ ᠵᠡᠷᠬᠡ ᠰᠢᠮ᠎ᠠ ᠲᠠᠵᠢᠬᠡᠯᠳᠤ ᠪᠤᠳᠠᠰ ᠢ ᠬᠠᠩᠭᠠᠵᠤ ᠲᠠᠶᠢᠯᠤᠨ᠎ᠠ᠃ | ᠵᠠᠷᠢᠮ ᠬᠦᠮᠤᠨ ᠤ ᠰᠢᠩᠬᠡᠬᠡᠯᠳᠡ ᠶᠢᠨ ᠵᠠᠮ ᠳᠤ ᠰᠦᠨ ᠰᠢᠬᠢᠷ ᠤᠨ ᠢᠰᠬᠡᠬᠦᠷ ᠳᠤᠳᠠᠭᠳᠠᠠ᠂ ᠦᠨᠢᠶᠠᠨ ᠰᠦ ᠶᠢᠨ ᠳᠤᠳᠤᠷᠡᠬᠢ ᠰᠦᠨ ᠰᠢᠬᠢᠷ ᠢ ᠪᠦᠷᠢᠮᠤᠰᠤᠨ | ᠵᠠᠳᠠᠷᠠᠭᠤᠯᠵᠤ ᠨᠠᠷᠢᠨ ᠬᠡᠳᠡᠰᠤᠨ ᠳᠡᠭᠡᠨ ᠰᠢᠩᠬᠡᠬᠡᠵᠤ ᠲᠡᠶᠢᠯᠬᠦ ᠦᠬᠡᠢ ᠳᠤᠯᠠ ᠦᠯᠡᠳᠡᠭᠳᠡᠯ ᠰᠦᠨ ᠰᠢᠬᠢᠷ ᠨᠢ ᠬᠤᠳᠤᠷᠢᠩᠬᠠᠢ ᠬᠡᠳᠡᠰᠤᠨ ᠳᠤ ᠤᠷᠤᠭᠰᠠᠠ ᠴᠤ | ᠢᠰᠴᠤ ᠲᠡᠶᠢᠯᠬᠦ ᠦᠬᠡᠢ ᠳᠤᠯᠠ ᠦᠨᠢᠶᠠᠨ ᠰᠦ ᠤᠤᠭᠤᠭᠰᠠᠠ ᠤ ᠬᠤᠶᠢᠨ᠎ᠠ ᠬᠡᠳᠡᠰᠤ ᠬᠦᠬᠡᠬᠡᠬᠦ᠂ ᠬᠡᠳᠡᠰᠤ ᠡᠪᠡᠳᠬᠦ᠂ ᠰᠠᠭᠤᠯᠭᠠᠬᠤ ᠵᠡᠷᠬᠡ ᠢᠯᠡᠷᠡᠯ ︵ᠰᠦᠨ | ᠰᠢᠬᠢᠷ ᠤᠨ ᠲᠡᠰᠪᠤᠷᠢᠳᠤ ᠪᠤᠰᠤ ᠬᠡᠳᠡᠭ︶ ᠭᠠᠷᠳᠠᠭ᠃ ᠡᠳᠡᠬᠡᠷ ᠬᠦᠮᠤᠰ ᠤᠯᠠᠨ ᠤᠳᠠᠭ᠎ᠠ ᠪᠠᠭ᠎ᠠ ᠬᠡᠮᠵᠢᠶ᠎ᠠ ᠪᠠᠷ ᠤᠤᠭᠤᠬᠤ ᠪᠤᠶᠤ ᠡᠬᠡᠳᠡᠭᠰᠡᠡ ᠰᠦ᠂ ᠰᠦᠨ | ᠰᠢᠬᠢᠷ ᠤᠨ ᠢᠰᠬᠡᠬᠦᠷ ᠨᠡᠮᠡᠬᠦ ᠵᠡᠷᠬᠡ ᠠᠷᠭ᠎ᠠ ᠪᠠᠷ ᠰᠦᠨ ᠰᠢᠬᠢᠷ ᠤᠨ ᠲᠡᠰᠪᠤᠷᠢᠳᠤ ᠪᠤᠰᠤ ᠴᠢᠨᠠᠷ ᠤᠨ ᠢᠯᠡᠷᠡᠯ ᠢ ᠬᠦᠩᠬᠡᠷᠡᠬᠦᠯᠵᠤ ᠪᠤᠯᠤᠨ᠎ᠠ᠃ ᠢᠳᠡᠷ ᠦᠳᠡᠯᠦᠬᠡ | ᠨᠠᠰᠤᠨ ᠤ ᠬᠦᠮᠤᠰ ᠳᠤᠰᠤ ᠪᠠᠭᠠᠳᠠᠢ ᠪᠤᠶᠤ ᠳᠤᠰᠤ ᠶᠢ ᠨᠢ ᠰᠠᠯᠭᠠᠭᠰᠠᠠ ᠰᠦ ᠶᠢᠨ ᠪᠦᠳᠤᠬᠡᠭᠳᠡᠬᠦᠨ ᠢ ᠰᠤᠩᠭᠤᠬᠤ ᠪᠦᠬᠡᠳ ᠴᠠᠳᠳᠠᠯ᠎ᠠ ᠢᠳᠡᠬᠦ ᠪᠠ ᠦᠬᠡᠬᠦᠨ | ᠬᠦᠴᠢᠯ ᠤᠨ ᠬᠡᠳᠤ ᠢᠯᠡᠬᠦᠤ ᠤᠷᠤᠭᠤᠯᠤᠯᠳᠠ ᠠᠴᠠ ᠵᠠᠶᠢᠯᠠᠬᠤ ᠬᠡᠷᠡᠭᠳᠡᠢ᠃ ᠰᠦ ᠤᠤᠭᠤᠬᠤ ᠬᠡᠮᠵᠢᠶ᠎ᠠ ᠨᠡᠯᠢᠶᠠᠳ ᠶᠡᠭᠡ ᠪᠤᠶᠤ ᠴᠢᠰᠤᠨ ᠤ ᠦᠬᠡᠬᠦ ᠦᠨᠳᠤᠷ᠂ ᠬᠡᠳᠤ | ᠮᠠᠷᠢᠶᠠᠳᠠᠢ ᠬᠦᠮᠤᠰ ᠳᠤᠰᠤ ᠶᠢ ᠨᠢ ᠪᠠᠭᠠᠰᠬᠠᠭᠰᠠᠠ᠂ ᠳᠤᠰᠤ ᠪᠠᠭᠠᠳᠠᠢ ᠪᠤᠶᠤ ᠳᠤᠰᠤ ᠶᠢ ᠨᠢ ᠰᠠᠯᠭᠠᠭᠰᠠᠠ ᠰᠦ ᠵᠢᠴᠢ ᠲᠡᠬᠦᠨ ᠤ ᠪᠦᠳᠤᠬᠡᠭᠳᠡᠬᠦᠨ ᠢ ᠰᠤᠩᠭᠤᠨ | ᠬᠡᠷᠡᠭᠯᠡᠪᠡᠯ ᠵᠤᠬᠢᠨ᠎ᠠ᠃ | ᠰᠢᠷ᠎ᠠ ᠪᠤᠷᠴᠠᠭ ᠵᠢᠴᠢ ᠲᠡᠬᠦᠨ ᠤ ᠪᠦᠳᠦᠬᠡᠭᠳᠡᠬᠦᠨ ᠳᠤ ᠴᠢᠨᠠᠷᠯᠢᠬ ᠤᠭᠤᠷᠠᠭ᠂ ᠬᠡᠷᠡᠭᠴᠡᠬᠡᠳᠤ ᠦᠬᠡᠬᠦᠨ ᠬᠦᠴᠢᠯ᠂ B ᠲᠦᠷᠤᠯ ᠤᠨ ᠸᠢᠲ᠋ᠠᠮᠢᠨ᠂ ᠸᠢᠲ᠋ᠠᠮᠢᠨ E | ᠪᠤᠯᠤᠨ ᠢᠳᠡᠰᠢ ᠰᠢᠬᠢᠷᠯᠢᠭ ᠵᠡᠷᠬᠡ ᠰᠢᠮ᠎ᠠ ᠲᠡᠵᠢᠬᠡᠯᠳᠤ ᠡᠳ᠋ ᠪᠠᠶᠢᠬᠤ ᠠᠴᠠ ᠭᠠᠳᠠᠨ᠎ᠠ ᠪᠠᠰᠠ ᠹᠤᠰᠹᠤᠷᠳᠤ ᠦᠬᠡᠬᠦ᠂ ᠳᠢ ᠵᠢᠤᠢ ᠲᠠᠩ ᠵᠢᠴᠢ ᠢ ᠬᠤᠸᠠᠩ ᠲᠦᠩ᠂ | ᠤᠷᠭᠤᠮᠠᠯ ᠤᠨ ᠭᠤᠨᠠᠨ ᠠᠯᠺᠤᠤᠯ ᠵᠡᠷᠬᠡ ᠤᠯᠠᠨ ᠵᠦᠢᠯ ᠤᠨ ᠤᠷᠭᠤᠮᠠᠯ ᠤᠨ ᠬᠢᠮᠢ ᠶᠢᠨ ᠪᠤᠳᠠᠰ ᠠᠭᠤᠯᠤᠭᠳᠠᠵᠤ ᠪᠠᠶᠢᠳᠠᠭ᠃ ᠰᠢᠷ᠎ᠠ ᠪᠤᠷᠴᠠᠭ ᠵᠢᠴᠢ ᠲᠡᠬᠦᠨ ᠤ | ᠪᠦᠳᠤᠬᠡᠭᠳᠡᠬᠦᠨ ᠤ ᠰᠢᠮ᠎ᠠ ᠲᠡᠵᠢᠬᠡᠯ ᠡᠯᠪᠡᠭ᠂ ᠴᠢᠬᠢᠷᠠᠭᠵᠢᠭᠤᠯᠬᠤ ᠤᠶᠢᠯᠠᠳᠤᠯ ᠲᠠᠢ ᠳᠤᠯᠠ ᠨᠠᠰᠤᠳᠠᠶᠢᠴᠤᠳ ᠪᠤᠯᠤᠨ ᠵᠢᠷᠤᠬᠡ ᠴᠢᠰᠤᠨ ᠰᠤᠳᠠᠯ ᠤᠨ | ᠡᠪᠡᠳᠴᠢᠳᠠᠨ ᠳᠤ ᠳᠤᠬᠢᠷᠠᠬᠤ ᠢᠳᠡᠬᠡᠨ ᠪᠤᠯᠤᠨ᠎ᠠ᠃ ᠬᠦᠳᠡᠭᠡ ᠳᠤᠰᠬᠤᠨ ᠤ ᠰᠠᠭᠤᠭᠠᠯᠢ ᠠᠷᠠᠳ ᠵᠤᠬᠢᠬᠤ ᠬᠡᠮᠵᠢᠶᠠᠨ ᠤ ᠰᠢᠷ᠎ᠠ ᠪᠤᠷᠴᠠᠭ ᠪᠤᠯᠤᠨ ᠲᠡᠬᠦᠨ ᠤ | ᠪᠦᠳᠤᠬᠡᠭᠳᠡᠬᠦᠨ ᠢ ᠢᠳᠡᠪᠡᠯ ᠴᠢᠨᠠᠷᠯᠢᠬ ᠤᠭᠤᠷᠠᠭ ᠤᠨ ᠤᠷᠤᠭᠤᠯᠤᠯᠳᠠ ᠶᠢ ᠨᠡᠮᠡᠭᠳᠡᠬᠦᠯᠵᠤ᠂ ᠪᠠᠰᠠ ᠬᠤᠳᠠ ᠶᠢᠨ ᠰᠠᠭᠤᠭᠠᠯᠢ ᠠᠷᠠᠳ ᠵᠤᠬᠢᠬᠤ ᠬᠡᠮᠵᠢᠶᠠᠨ ᠤ ᠰᠢᠷ᠎ᠠ | ᠪᠤᠷᠴᠠᠭ ᠪᠤᠯᠤᠨ ᠲᠡᠬᠦᠨ ᠤ ᠪᠦᠳᠤᠬᠡᠭᠳᠡᠬᠦᠨ ᠢ ᠢᠳᠡᠪᠡᠯ ᠴᠢᠨᠠᠷᠯᠢᠬ ᠤᠭᠤᠷᠠᠭ ᠤᠨ ᠤᠷᠤᠭᠤᠯᠤᠯᠳᠠ ᠶᠢ ᠨᠡᠮᠡᠭᠳᠡᠬᠦᠯᠵᠤ᠂ ᠪᠠᠰᠠ ᠬᠤᠳᠠ ᠶᠢᠨ ᠰᠠᠭᠤᠭᠠᠯᠢ ᠠᠷᠠᠳ ᠤᠨ | ᠮᠢᠬᠠᠨ ᠤ ᠲᠦᠷᠤᠯ ᠢ ᠢᠯᠡᠬᠦᠤ ᠢᠳᠡᠭᠰᠡᠡ ᠠᠴᠠ ᠪᠤᠯᠤᠭᠰᠠᠠ ᠠᠰᠢᠬ ᠦᠬᠡᠢ ᠨᠦᠯᠦᠬᠡ ᠶᠢ ᠰᠡᠷᠬᠡᠶᠢᠯᠡᠵᠤ ᠴᠢᠳᠠᠨ᠎ᠠ᠃ | ᠬᠦᠮᠤᠨ ᠪᠦᠷᠢ ᠡᠳᠤᠷ ᠲᠤ 30 ᠊᠊᠊ 50 ᠭᠷᠡᠮ ᠤᠨ ᠰᠢᠷ᠎ᠠ ᠪᠤᠷᠴᠠᠭ ᠪᠤᠯᠤᠨ ᠵᠤᠬᠢᠬᠤ ᠬᠡᠮᠵᠢᠶᠠᠨ ᠤ ᠪᠤᠷᠴᠠᠭ ᠤᠨ ᠢᠳᠡᠬᠡᠨ ᠢᠳᠡᠪᠡᠯ ᠵᠤᠬᠢᠨ᠎ᠠ︔ ᠬᠦᠮᠤᠨ | ᠪᠦᠷᠢ ᠡᠳᠤᠷ ᠲᠤ 40 ᠭᠷᠡᠮ ᠤᠨ ᠰᠢᠷ᠎ᠠ ᠪᠤᠷᠴᠠᠭ ᠪᠤᠯᠤᠨ ᠲᠡᠬᠦᠨ ᠤ ᠪᠦᠳᠤᠬᠡᠭᠳᠡᠬᠦᠨ ᠢᠳᠡᠪᠡᠯ ᠵᠤᠬᠢᠨ᠎ᠠ᠃ ᠬᠠᠩᠭᠠᠬᠤ ᠤᠭᠤᠷᠠᠭ ᠤᠨ ᠬᠡᠮᠵᠢᠶ᠎ᠠ ᠪᠠᠷ ᠪᠤᠳᠤᠪᠠᠯ᠂ | 40 ᠭᠷᠡᠮ ᠰᠢᠷ᠎ᠠ ᠪᠤᠷᠴᠠᠭ ᠨᠢ ᠪᠠᠷᠤᠭ 200 ᠭᠷᠡᠮ ᠳ᠋ᠸᠤᠹᠦ᠋᠂ 100 ᠭᠷᠡᠮ ᠬᠠᠳᠠᠭᠠᠮᠠᠯ ᠳ᠋ᠸᠤᠹᠦ᠋᠂ 30 ᠭᠷᠡᠮ ᠪᠤᠷᠴᠠᠭ ᠤᠨ ᠦᠷᠤᠮ᠎ᠠ᠂ 700 ᠭᠷᠡᠮ | ᠳ᠋ᠸᠤᠹᠦ᠋ ᠶᠢᠨ ᠡᠬᠡᠳᠡᠩ᠂ 800 ᠭᠷᠡᠮ ᠪᠤᠷᠴᠠᠭ ᠤᠨ ᠤᠭᠤᠷᠠᠭ ᠲᠠᠢ ᠳᠤᠰ ᠳᠤᠰ ᠲᠠᠩᠴᠠᠨ᠎ᠠ᠃ ︵︽ᠲᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ | ᠮᠡᠳᠡᠭᠡ ᠶᠢᠨ ᠰᠦᠯᠵᠢᠶ᠎ᠡ︾ ᠠᠴᠠ ᠰᠢᠯᠵᠢᠬᠦᠯᠪᠡ︶ |